ᠮᠤᠩᠭᠤᠯ ᠭᠡᠯᠡ
ᠨᠡᠶᠢᠲᠡᠯᠡᠭᠰᠡᠨ ᠴᠠᠭ᠄
2020/6/5
    ᠴᠢᠬᠢᠨ᠎ᠡ ᠴᠢᠮᠡᠭ ᠪᠤᠯᠤᠭᠰᠠᠨ ᠠᠶᠠᠯᠭᠤ ᠰᠠᠶᠢᠬᠠᠨ    ᠮᠤᠩᠭᠤᠯ ᠬᠡᠯᠡ ᠴᠢᠩ ᠵᠤᠷᠢᠭᠳᠤ ᠡᠪᠦᠬᠡᠳ ᠳᠡᠭᠡᠳᠦᠰ ᠤᠨ ᠮᠢᠨᠢ ᠦᠪ    ᠶᠡᠭᠡ ᠡᠷᠳᠡᠨᠢ ᠰᠤᠨᠤᠰᠬᠤ ᠪᠦᠷᠢ ᠠᠶᠠᠯᠭᠤ ᠪᠠᠶᠠᠯᠢᠭ ᠢ ᠨᠢ ᠭᠠᠶᠢᠬᠠᠨ ᠪᠠᠶᠠᠰᠴᠤ    ᠰᠤᠳᠤ ᠶᠡᠭᠡ ᠪᠢᠯᠢᠭᠳᠤ ᠳᠦᠮᠡᠨ ᠶᠦᠭᠡᠨ ᠪᠢᠰᠢᠷᠡᠨ ᠮᠠᠭᠳᠠᠮᠤ᠂ ᠪᠢ︕    ᠤᠷᠢᠳᠤ ᠶᠢᠨ ᠪᠡᠷᠭᠡ ᠴᠠᠭ ᠲᠤ ᠤᠯᠤᠰ ᠮᠤᠩᠭᠤᠯ ᠤᠨ ᠬᠡᠳᠤ ᠵᠠᠶᠠᠭ᠎ᠠ ᠶᠢ    ᠤᠢᠢᠳᠬᠠᠷᠯᠠᠨ ᠪᠤᠳᠤᠬᠤ ᠳᠤ ᠤᠷᠮ᠎ᠠ ᠵᠤᠷᠢᠭ ᠢ ᠮᠢᠨᠢ ᠰᠡᠷᠬᠦᠬᠡᠭᠰᠡᠨ    ᠦᠬᠡᠳᠡᠯᠡᠨ ᠳᠡᠪᠵᠢᠬᠦ ᠶᠢᠨ ᠳᠡᠬᠦᠰ ᠬᠤᠪᠢᠳᠠᠢ ᠳᠤᠨᠢ ᠢᠳᠡᠬᠡᠬᠦᠯᠦᠭᠰᠡᠨ    ᠦᠷᠨᠢᠨ ᠮᠠᠨᠳᠤᠬᠤ ᠶᠢᠨ ᠰᠢᠨᠵᠢ ᠪᠦᠷᠢᠳᠦᠭᠰᠡᠨ ᠡᠪᠦᠬᠡᠳ ᠤᠨ ᠮᠢᠨᠢ ᠬᠡᠯᠡ︕    ᠮᠦᠷᠡᠨ ᠭᠤᠤᠯ ᠴᠢᠳᠬᠤᠯᠠᠩᠳᠤ ᠰᠢᠷᠬᠢᠰᠢ ᠦᠬᠡᠢ ᠶᠡᠭᠡ ᠳᠠᠯᠠᠢ ᠮᠡᠳᠤ    ᠮᠦᠡᠭᠭᠡᠳᠡ ᠦᠷ᠎ᠡ ᠠᠴᠢ ᠨᠠᠷ ᠤᠨ ᠵᠠᠯᠭᠠᠮᠵᠢ ᠪᠠᠷ ᠪᠠᠳᠠᠷᠠᠩᠬᠠᠨ ᠳᠡᠯᠬᠡᠷᠡᠭᠴᠢ    ᠬᠦᠨᠳᠡᠢ ᠴᠡᠬᠡᠵᠢᠨ ᠳᠤ ᠤᠷᠤᠭᠴᠢ ᠪᠦᠬᠦᠳᠡ ᠶᠢ ᠨᠡᠪᠳᠡᠷᠡᠬᠦᠯᠬᠦ ᠴᠢᠳᠠᠯᠳᠤ    ᠬᠦᠭᠵᠢᠮ ᠮᠡᠳᠤ ᠢᠷᠠᠭᠤ ᠪᠠᠶᠠᠰᠬᠤᠯᠠᠩᠳᠤ ᠮᠤᠩᠭᠤᠯ ᠬᠡᠯᠡ ᠮᠢᠨᠢ︕    ᠦᠰᠬᠦ ᠨᠠᠰᠤᠨ ᠠᠴᠠ ᠦᠳᠡᠯᠬᠦ ᠨᠠᠰᠤᠨ ᠬᠦᠷᠳᠡᠯ᠎ᠡ ᠴᠢᠮ᠎ᠠ ᠶᠤᠭᠠᠨ ᠰᠤᠳᠤᠯᠤᠨ    ᠡᠳᠦᠷ ᠪᠦᠷᠢ ᠦᠬᠡᠰ ᠤᠨ ᠡᠷᠳᠡᠨᠢ ᠶᠢ ᠴᠢᠨᠢ ᠪᠠᠶᠠᠷᠯᠠᠨ ᠳᠡᠬᠦᠨᠡᠮ    ᠳᠦᠮᠡᠨ ᠳᠦᠮᠡᠨ ᠦᠶ᠎ᠡ ᠶᠢᠨ ᠤᠶᠤᠨ ᠪᠢᠯᠢᠭ ᠤᠨ ᠦᠯᠡᠮᠵᠢ ᠰᠠᠩ ᠤᠨ ᠡᠬᠦᠳᠡ ᠶᠢ ᠴᠢᠨᠢ     ᠳᠦᠯᠬᠢᠬᠦ ᠪᠦᠷᠢ ᠰᠡᠳᠬᠢᠯ ᠰᠡᠷᠬᠦᠨ ᠮᠠᠩᠨᠠᠢ ᠶᠢᠨ ᠦᠷᠴᠢᠯᠡᠭᠡ ᠳᠡᠨᠡᠶᠢᠨᠡᠮ︕    ᠳᠦᠭᠰᠢᠬᠦᠷᠢᠳᠤ ᠪᠡᠷᠬᠡ ᠶᠢ ᠳᠠᠪᠠᠨ ᠳᠤᠭᠤᠯᠤᠭᠰᠠᠨ ᠪᠠᠭᠠᠳᠤᠷ ᠳᠦᠮᠡᠨ ᠮᠢᠨᠢ    ᠳᠦᠪᠰᠢᠨ ᠰᠤᠶᠤᠯ ᠡᠷᠳᠡᠨᠢ ᠶᠦᠭᠡᠨ ᠮᠠᠨᠳᠤᠭᠤᠯᠬᠤ ᠶᠢᠨ ᠬᠡᠬᠡᠨ ᠤᠯᠠᠷᠢᠯ ᠨᠡᠬᠡᠬᠡᠭᠳᠡᠭᠰᠡᠨ ᠳᠤ    ᠰᠡᠯᠪᠢᠯᠬᠦᠢ ᠰᠡᠴᠡᠨ ᠤᠶᠤᠳᠠᠨ ᠬᠡᠯᠡ ᠶᠦᠭᠡᠨ ᠡᠩᠭᠦᠷᠡᠶᠢᠯᠡᠨ ᠬᠦᠭᠵᠢᠬᠦᠯᠦᠶ᠎ᠡ ᠬᠡᠮᠡᠨ    ᠰᠡᠳᠬᠢᠯ ᠤᠷᠮᠠᠰ ᠪᠠᠳᠠᠷᠠᠨ ᠪᠠᠭ᠋ᠠᠳᠠᠮᠤ᠂ ᠦᠰᠦᠨ ᠪᠤᠭᠤᠷᠤᠯ ᠦᠳᠡᠬᠦᠰ ᠪᠢ︕     ᠬᠤᠳᠤᠭ ᠦᠯᠵᠡᠢ ᠪᠦᠷᠢᠳᠦᠭᠰᠡᠨ ᠬᠤᠪᠢ ᠶᠡᠭᠡ ᠵᠠᠶᠠᠭᠠᠳᠤ ᠳᠦᠮᠡᠨ ᠮᠢᠨᠢ     ᠬᠤᠷᠴᠠ ᠠᠪᠢᠶᠠᠰᠳᠤ ᠬᠦᠪᠡᠬᠦᠳ ᠳᠡᠬᠦᠦ ᠨᠠᠷ ᠬᠠᠯᠠᠭᠤᠨ ᠡᠯᠢᠬᠡᠳᠡᠨ ᠬᠤᠳᠠᠯᠠᠭᠠᠷ    ᠡᠬᠡᠰᠢᠭ ᠰᠠᠶᠢᠬᠠᠨ ᠮᠤᠩᠭᠤᠯ ᠬᠡᠯᠡ ᠶᠦᠭᠡᠨ ᠨᠡᠩ ᠬᠠᠶᠢᠷᠠᠯᠠᠨ ᠳᠡᠭᠡᠳᠦᠯᠡᠵᠤ    ᠡᠩᠭᠦᠷᠡᠶᠢᠯᠡᠨ ᠪᠠᠳᠠᠷᠠᠭᠤᠯᠬᠤ ᠶᠢᠨ ᠪᠠᠳᠤ ᠵᠤᠷᠢᠬ ᠳᠡᠬᠦᠰ ᠶᠠᠭᠤᠳᠠᠢ ᠰᠠᠶᠢᠬᠠᠨ︕    ᠴᠢᠬᠢᠨ᠎ᠡ ᠴᠢᠮᠡᠭ ᠪᠤᠯᠤᠭᠰᠠᠨ ᠠᠶᠠᠯᠭᠤ ᠰᠠᠶᠢᠬᠠᠨ ᠮᠤᠩᠭᠤᠯ ᠬᠡᠯᠡ    ᠴᠢᠩ ᠵᠤᠷᠢᠭᠳᠤ ᠡᠪᠦᠬᠡᠳ ᠳᠡᠭᠡᠳᠦᠰ ᠤᠨ ᠮᠢᠨᠢ ᠦᠪ ᠶᠡᠭᠡ ᠡᠷᠳᠡᠨᠢ    ᠰᠤᠨᠤᠰᠬᠤ ᠪᠦᠷᠢ ᠢᠷᠠᠭᠤ ᠪᠠᠶᠠᠯᠢᠭ ᠢ ᠨᠢ ᠭᠠᠶᠢᠬᠠᠨ ᠪᠠᠶᠠᠰᠴᠤ    ᠰᠤᠳᠤ ᠶᠡᠭᠡ ᠪᠢᠯᠢᠭᠳᠤ ᠳᠦᠮᠡᠨ ᠶᠦᠭᠡᠨ ᠪᠢᠰᠢᠷᠡᠨ ᠮᠠᠭᠳᠠᠮᠤ ᠪᠢ︕                                 ᠵᠣᠬᠢᠶᠠᠭᠴᠢ᠄ ᠪ᠊ · ᠷᠢᠨᠴᠢᠨ                                         1957.9.15 ᠳᠤ ᠬᠦᠬᠡᠬᠤᠳᠠᠨ᠎ᠠ    ︵ᠪ᠊ · ᠷᠢᠨᠴᠢᠨ ᠤ ︽ᠪᠡᠷᠢ ᠴᠡᠴᠡᠭ︾ ᠨᠤᠮ ᠠᠴᠠ ᠴ᠊ · ᠮᠦᠡᠭᠭᠡᠰᠦ᠋ᠷᠦᠩ ᠪᠠᠭᠤᠯᠭᠠᠪᠠ︶
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ