ᠲᠤᠯᠠᠢ ᠡᠪᠡᠳᠴᠢᠨ᠎ᠠ ᠴᠠ ᠴᠠᠭ ᠢᠮᠠᠭᠲᠠ ᠰᠡᠷᠭᠡᠶ᠋ᠢᠯᠡᠬᠦ ᠬᠡᠷᠡᠭᠲᠡᠢ
ᠨᠡᠶᠢᠲᠡᠯᠡᠭᠰᠡᠨ ᠴᠠᠭ᠄
2025/4/11
    ᠲᠤᠯᠠᠢ ᠡᠪᠡᠳᠴᠢᠨ ᠪᠣᠯ ᠦᠷᠭᠦᠯᠵᠢ ᠲᠣᠬᠢᠶᠠᠯᠳᠤᠳᠠᠭ ᠡᠪᠡᠳᠴᠢᠨ᠋ ᠤ᠊ ᠨᠢᠭᠡ ᠵᠦᠢᠯ ᠪᠠᠶ᠋ᠢᠵᠤ᠂ ᠴᠠᠭ ᠢᠮᠠᠭᠲᠠ ᠬᠥᠮᠥᠰ ᠤᠨ ᠪᠡᠶ᠎ᠡ ᠶᠢᠨ ᠡᠷᠡᠭᠦᠯ ᠮᠡᠨᠳᠦ ᠶᠢ ᠰᠦᠷᠳᠡᠭᠦᠯᠵᠦ ᠪᠠᠶ᠋ᠢᠳᠠᠭ᠃ ᠵᠢᠯ ᠪᠦᠷᠢ ᠶᠢᠨ 4 ᠰᠠᠷ᠎ᠠ ᠶᠢᠨ 20 ᠤ᠊ ᠡᠳᠦᠷ ᠢ᠊ ︽ᠪᠦᠭᠦ ᠠᠷᠠᠳ ᠵᠶᠠᠷ ᠵᠶᠠᠨ ᠲᠤᠯᠠᠢ ᠡᠪᠡᠳᠴᠢᠨ᠋ ᠢ᠊ ᠠᠩᠬᠠᠷᠬᠤ ᠡᠳᠦᠷ︾ ᠵᠶᠠᠷ ᠲᠣᠭᠲᠠᠬᠠᠭᠰᠠᠨ ᠪᠠᠶ᠋ᠢᠨ᠎ᠠ᠃ ᠦᠨᠡᠨ᠋ ᠲᠡᠭᠡᠨ ᠡᠨᠡ ᠡᠳᠦᠷ ᠵᠶᠠᠷ ᠲᠣᠭᠲᠠᠬᠠᠭᠰᠠᠨ᠋ ᠨᠢ ᠪᠠᠰᠠ ᠨᠢᠭᠡ ᠵᠦᠢᠯ ᠤᠨ ᠤᠨᠴᠠᠬᠠᠢ ᠠᠭᠤᠯᠭ᠎ᠠ ᠲᠠᠢ᠂ ᠳᠠᠷᠤᠢ ᠥᠨᠳᠥᠷ ᠰᠢᠭᠡᠰᠦᠨ ᠬᠦᠴᠢᠯᠳᠦ ᠴᠢᠰᠤᠨ ᠭᠡᠮ ᠤᠨ ᠣᠨᠣᠰᠢᠯᠠᠯᠲᠠ ᠶᠢᠨ ᠬᠢᠵᠠᠬᠠᠷ ᠬᠡᠮᠵᠢᠭᠳᠡᠯ ᠨᠢ 420umol/L ᠪᠣᠯᠣᠨ᠎ᠠ᠃ ᠮᠠᠨ᠋ ᠤ᠊ ᠤᠯᠤᠰ ᠤᠨ ᠡᠪᠡᠳᠴᠢᠨ ᠡᠮᠭᠡᠭ᠌ ᠢ᠊ ᠬᠢᠵᠠᠬᠠᠷᠯᠠᠬᠤ ᠲᠥᠪ᠊ ᠤᠨ ᠮᠡᠳᠡᠭᠦᠯᠦᠯᠲᠡ ᠶᠢ ᠦᠨᠳᠦᠰᠦᠯᠡᠪᠡᠯ᠂ ᠪᠦᠭᠦ ᠤᠯᠤᠰ ᠤᠨ ᠲᠤᠯᠠᠢ ᠡᠪᠡᠳᠴᠢᠨ᠋ ᠲᠤ ᠨᠡᠷᠪᠡᠭᠳᠡᠭᠰᠡᠳ ᠨᠡᠶ᠋ᠢᠲᠡ 8000 ᠲᠦᠮᠡ ᠶᠢ ᠳᠠᠪᠠᠭᠰᠠᠨ ᠪᠥᠭᠡᠳ ᠵᠢᠯ ᠪᠦᠷᠢ 9.7% ᠶᠢᠨ ᠨᠣᠷᠮ᠎ᠠ ᠪᠠᠷ ᠮᠠᠰᠢ ᠲᠦᠷᠭᠡᠨ ᠨᠡᠮᠡᠭᠳᠡᠵᠦ ᠪᠠᠶ᠋ᠢᠨ᠎ᠠ᠃ ᠵᠢᠱᠢᠯᠳ᠋᠊ ᠡ ᠪᠠᠷ 2030 ᠣᠨ ᠪᠤᠯᠬ᠊ ᠤᠲ᠋ᠤ ᠤᠯᠤᠰ ᠤᠨ ᠳᠣᠲᠣᠬᠠᠳᠤ ᠶᠢᠨ ᠴᠢᠰᠤᠨ᠋ ᠤ᠊ ᠰᠢᠭᠡᠰᠦᠨ ᠬᠦᠴᠢᠯ ᠥᠨᠳᠥᠷ ᠭᠡᠮ ᠪᠠ ᠲᠤᠯᠠᠢ ᠡᠪᠡᠳᠴᠢᠨ᠋ ᠲᠤ ᠨᠡᠷᠪᠡᠭᠳᠡᠭᠰᠡᠨ ᠬᠥᠮᠥᠨ᠋ ᠤ᠊ ᠲᠤᠭ᠎ᠠ 2.4 ᠳ᠋ᠦᠩᠰᠢᠭᠤᠷ ᠲᠤ ᠬᠦᠷᠬᠦ ᠪᠣᠯᠣᠨ᠎ᠠ᠃ ᠪᠢᠳᠡ ᠲᠤᠯᠠᠢ ᠡᠪᠡᠳᠴᠢᠨ᠋ ᠢ᠊ ᠬᠡᠷᠬᠢᠨ ᠰᠡᠷᠭᠡᠶ᠋ᠢᠯᠡᠪᠡᠯ ᠵᠣᠬᠢᠬᠤ ᠪᠤᠢ︖    ᠡᠩ ᠲᠡᠷᠢᠭᠦᠨ᠋ ᠲᠤ᠂ ᠲᠣᠭᠲᠠᠭᠰᠠᠨ ᠬᠤᠭᠤᠴᠠᠭ᠎ᠠ ᠲᠠ᠊ ᠢ ᠪᠠᠷ ᠴᠢᠰᠤᠨ ᠰᠢᠭᠡᠰᠦᠨ ᠬᠦᠴᠢᠯ ᠤᠨ ᠥᠳᠬᠡᠴᠡ ᠶᠢ ᠪᠠᠶ᠋ᠢᠴᠠᠬᠠᠨ᠎ᠠ᠃ ᠲᠤᠯᠠᠢ ᠡᠪᠡᠳᠴᠢᠨ ᠪᠣᠯ ᠬᠡᠷᠦᠬᠦ ᠡᠪᠡᠳᠴᠢᠨ᠋ ᠤ᠊ ᠡᠭᠡᠯᠢᠯᠡᠭᠡ ᠶᠢᠨ ᠴᠢᠨᠠᠷᠲᠠᠢ ᠡᠪᠡᠳᠴᠢᠨ᠂ ᠮᠥᠨ ᠴᠦ ᠤᠳᠠᠬᠠᠨ ᠴᠢᠨᠠᠷᠲᠠᠢ ᠰᠣᠯᠢᠯᠴᠠᠭ᠎ᠠ ᠶᠢᠨ ᠴᠢᠨᠠᠷᠲᠠᠢ ᠡᠪᠡᠳᠴᠢᠨ ᠮᠥᠨ᠃ 40 ᠨᠠᠰᠤᠨ᠎ᠠ ᠴᠠ ᠳᠡᠭᠡᠭᠰᠢᠬᠢ ᠡᠷᠡᠭᠲᠡᠶ᠋ᠢᠴᠦᠳ᠂ ᠢᠯᠠᠩᠭᠤᠶ᠎ᠠ ᠮᠠᠷᠢᠶ᠎ᠠ ᠲᠠᠢ ᠬᠥᠮᠥᠰ ᠬᠠᠭ᠋ᠠᠰ ᠵᠢᠯ᠎ᠠ ᠴᠠ ᠨᠢᠭᠡ ᠵᠢᠯ ᠠᠯᠤᠰᠯᠠᠬᠤ ᠪᠦᠷᠢ ᠨᠢᠭᠡ ᠤᠳᠠᠭ᠎ᠠ ᠴᠢᠰᠤᠨ᠋ ᠤ᠊ ᠰᠢᠭᠡᠰᠦᠨ ᠬᠦᠴᠢᠯ ᠤᠨ ᠪᠠᠶ᠋ᠢᠴᠠᠬᠠᠯᠲᠠ ᠬᠢᠵᠦ᠂ ᠴᠢᠰᠤᠨ᠋ ᠤ᠊ ᠰᠢᠭᠡᠰᠦᠨ ᠬᠦᠴᠢᠯ ᠨᠢ ᠬᠡᠪ᠊ ᠤᠨ ᠬᠡᠮᠵᠢᠶ‌‍᠎ᠡ᠎ᠠ ᠴᠠ ᠥᠨᠳᠥᠷ ᠪᠤᠶᠤ ᠬᠡᠪ᠊ ᠤᠨ ᠳᠡᠭᠡᠳᠦ ᠬᠢᠵᠠᠬᠠᠷ  ᠲᠤ ᠪᠠᠶ᠋ᠢᠬᠤ ᠶᠢ ᠣᠯᠵᠤ ᠮᠡᠳᠡᠪᠡᠯ᠂ ᠳᠠᠷᠤᠶ᠋ᠢᠬᠠᠨ ᠲᠤᠰᠬᠠᠢ ᠰᠠᠯᠠᠭ᠎ᠠ ᠲᠤ ᠬᠦᠷᠴᠦ ᠡᠮᠨᠡᠭᠦᠯᠭᠦ ᠬᠡᠷᠡᠭᠲᠡᠢ᠃ ᠤᠷᠲᠤ ᠬᠤᠭᠤᠴᠠᠬᠠᠨ᠋ ᠤ᠊ ᠰᠢᠭᠡᠰᠦᠨ ᠬᠦᠴᠢᠯ ᠥᠨᠳᠥᠷ ᠴᠢᠰᠤᠨ ᠭᠡᠮ ᠨᠢ ᠲᠤᠯᠠᠢ ᠶᠢᠨ ᠴᠢᠨᠠᠷᠲᠠᠢ ᠦᠶ᠎ᠡ ᠭᠡᠰᠢᠭᠦᠨ᠋ ᠤ᠊ ᠦᠷᠪᠢᠰᠦᠯ ᠢ᠊ ᠡᠭᠦᠰᠬᠡᠭ᠊ ᠦᠪᠠᠷ ᠪᠠᠷᠠᠬᠤ ᠦᠭᠡᠢ ᠠᠮᠢᠳᠤᠷᠠᠯ ᠤᠨ ᠴᠢᠨᠠᠷ ᠴᠢᠨᠰᠠᠭ᠎ᠠ ᠶᠢ ᠬᠦᠨᠳᠦ ᠨᠣᠴᠢᠲᠠᠢ ᠨᠥᠯᠥᠭᠡᠯᠡᠨ᠎ᠡ᠃ ᠤᠷᠲᠤ ᠬᠤᠭᠤᠴᠠᠭ᠎ᠠ ᠪᠠᠷ ᠴᠢᠰᠤᠨ᠋ ᠤ᠊ ᠰᠢᠭᠡᠰᠦᠨ ᠬᠦᠴᠢᠯ ᠥᠨᠳᠥᠷᠵᠢᠬᠦ ᠭᠡᠮ ᠨᠢ ᠪᠠᠰᠠ ᠤᠳᠠᠬᠠᠨ ᠴᠢᠨᠠᠷᠲᠠᠢ ᠪᠥᠭᠡᠷᠡᠨ᠋ ᠤ᠊ ᠠᠵᠢᠯᠯᠠᠭ᠎ᠠ ᠶᠢᠨ ᠳᠣᠷᠣᠶ᠋ᠢᠲᠠᠯ ᠢ᠊ ᠡᠭᠦᠰᠬᠡᠵᠦ᠂ ᠬᠡᠰᠠᠭ᠋ ᠨᠢ ᠰᠢᠭᠡᠰᠦᠨ ᠬᠤᠣᠷᠳᠠᠯᠭ᠎ᠠ ᠶᠢᠨ ᠭᠡᠮ ᠪᠣᠯᠵᠤ ᠬᠥᠭᠵᠢᠳᠡᠭ᠃ ᠬᠡᠰᠡᠭ ᠡᠪᠡᠳᠴᠢᠲᠡᠨ᠋ ᠲᠤ ᠰᠢᠭᠡᠰᠦᠨ ᠬᠦᠴᠢᠯ ᠤᠨ ᠴᠢᠨᠠᠷᠲᠠᠢ ᠪᠥᠭᠡᠷᠡᠨ᠋ ᠤ᠊ ᠴᠢᠯᠠᠭᠤᠵᠢᠯ ᠡᠭᠦᠰᠴᠦ᠂ ᠤᠯᠠᠮ ᠨᠢᠭᠡ ᠠᠯᠬᠤᠮ ᠪᠥᠭᠡᠷᠡᠨ᠋ ᠲᠤ ᠤᠰᠤ ᠬᠤᠷᠠᠬᠤ ᠪᠠ ᠪᠥᠭᠡᠷᠡᠨ᠋ ᠤ᠊ ᠠᠵᠢᠯᠯᠠᠭ᠎ᠠ ᠳᠣᠷᠣᠶ᠋ᠢᠲᠠᠨ᠎ᠠ᠃ ᠰᠢᠭᠡᠰᠦᠨ ᠬᠦᠴᠢᠯ ᠥᠨᠳᠥᠷ ᠴᠢᠰᠤᠨ ᠭᠡᠮ ᠨᠢ ᠶᠡᠷ᠊ ᠦ᠊ ᠨᠢ ᠴᠢᠰᠤᠨ ᠳᠠᠷᠤᠯᠲᠠ ᠥᠨᠳᠥᠷ᠂ ᠰᠢᠬᠢᠷ ᠰᠢᠵᠢᠩ ᠡᠪᠡᠳᠴᠢᠨ᠂ ᠵᠢᠷᠦᠬᠡᠨ ᠲᠢᠲᠢᠮ ᠤᠨ ᠡᠪᠡᠳᠴᠢᠨ ᠵᠡᠷᠭᠡ ᠰᠣᠯᠢᠯᠴᠠᠭ᠎ᠠ ᠶᠢᠨ ᠴᠢᠨᠠᠷᠲᠠᠢ ᠡᠪᠡᠳᠴᠢᠨ᠋ ᠲᠠᠢ ᠬᠠᠮᠲᠤ ᠪᠠᠰᠠ ᠲᠠᠷᠢᠬᠢᠨ᠋ ᠤ᠊ ᠰᠠ ᠳᠠᠬᠠᠷᠢᠬᠤ ᠠᠶᠤᠯ ᠢ᠊ ᠨᠡᠮᠡᠭᠳᠡᠭᠦᠯᠳᠡᠭ᠃ ᠣᠶ᠋ᠢᠷ᠎ᠠ ᠶᠢᠨ ᠵᠢᠯ᠎ᠠ ᠴᠠ ᠲᠤᠯᠠᠢ ᠡᠪᠡᠳᠴᠢᠲᠡᠨ᠋ ᠲᠤ ᠵᠠᠯᠠᠭᠤᠵᠢᠬᠤ ᠬᠠᠨᠳᠤᠰᠢ ᠢᠯᠡᠷᠡᠪᠡ᠃    ᠬᠤᠶᠠᠳᠤᠬᠠᠷ ᠲᠤ᠂ ᠡᠷᠡᠭᠦᠯ ᠢᠳᠡᠭᠡᠨ ᠤᠮᠳᠠᠬᠠᠨ᠋ ᠢ᠊ ᠠᠩᠬᠠᠷᠬᠤ ᠬᠡᠷᠡᠭᠲᠡᠢ᠃ ᠲᠤᠯᠠᠢ ᠡᠪᠡᠳᠴᠢᠨ᠋ ᠨᠢ ᠡᠳᠦᠷ ᠲᠤᠲᠤᠮ ᠤᠨ ᠢᠳᠡᠭᠡᠨ ᠤᠮᠳᠠᠬᠠᠨ᠋ ᠲᠠᠢ ᠮᠠᠰᠢ ᠨᠢᠭᠲᠠ ᠬᠠᠷᠢᠴᠠᠭ᠎ᠠ ᠲᠠᠢ᠂ ᠬᠡᠲᠦᠷᠡᠲᠡᠯ᠎ᠡ ᠢᠳᠡᠵᠦ ᠤᠤᠭᠤᠬ᠊ ᠤᠠ᠋ ᠴᠠ ᠵᠠᠶ᠋ᠢᠯᠠᠰᠬᠢᠬᠦ᠂ ᠴᠢᠳᠠᠬᠤ ᠶᠢᠨ ᠳᠣᠲᠣᠷ᠎ᠠ ᠫᠦᠷᠢᠨ᠋ ᠤ᠊ ᠠᠭᠤᠯᠤᠭᠳᠠᠴᠠ ᠨᠡᠯᠢᠶᠡᠳ ᠥᠨᠳᠥᠷ ᠢᠳᠡᠭᠡᠨ ᠢᠳᠡᠭ᠊ ᠦᠠ᠋ ᠴᠠ ᠵᠠᠶ᠋ᠢᠯᠠᠰᠬᠢᠬᠤ ᠬᠡᠷᠡᠭᠲᠡᠢ᠃ ᠡᠭᠦᠨ᠋ ᠤ᠊ ᠬᠠᠮᠲᠤ ᠢᠯᠡᠭᠦᠦ ᠤᠰᠤ ᠤᠤᠭᠤᠵᠤ ︵ᠡᠳᠦᠷ ᠪᠦᠷᠢ ᠨᠠᠬᠠᠲᠤ ᠵᠠᠬ᠎ᠠ ᠲᠠᠭᠠᠨ 2000ml︶᠂ ᠡᠳᠦᠷ ᠪᠦᠷᠢ ᠭᠦᠢᠴᠡᠳ ᠬᠡᠮᠵᠢᠶᠡᠨ᠋ ᠤ᠊ ᠰᠢᠭᠡᠰᠦ ᠭᠠᠳᠠᠭᠰᠢᠯᠠᠭᠤᠯᠬᠤ ᠶᠢ ᠪᠠᠲᠤᠯᠠᠵᠤ᠂ ᠰᠢᠭᠡᠰᠦᠨ ᠬᠦᠴᠢᠯ ᠬᠤᠷᠠᠬ᠊ ᠤᠠ᠋ ᠴᠠ ᠵᠠᠶ᠋ᠢᠯᠠᠰᠬᠢᠨ᠎ᠡ᠃ ᠠᠮᠢᠳᠤᠷᠠᠯ ᠤᠨ ᠠᠷᠭ᠎ᠠ ᠮᠠᠶᠢᠭ᠋ ᠤᠨ ᠬᠤᠪᠢᠷᠠᠯᠲᠠ ᠶᠢ ᠳᠠᠬᠠᠯᠳᠤᠨ᠂ ᠤᠯᠠᠮ ᠠᠷᠪᠢᠨ ᠵᠢᠮᠢᠰ ᠤᠨ ᠰᠢᠬᠢᠷ ᠢ᠊ ᠰᠢᠩᠭᠡᠬᠡᠨ ᠠᠪᠬ᠊ ᠤ᠊ ᠨᠢ ᠮᠥᠨ ᠴᠦ ᠲᠤᠯᠠᠢ ᠡᠪᠡᠳᠴᠢᠨ᠋ ᠢ᠊ ᠣᠯᠠᠨ ᠡᠭᠦᠰᠬᠡᠬᠦ ᠨᠢᠭᠡᠨ ᠴᠢᠬᠤᠯᠠ ᠰᠢᠯᠲᠠᠬᠠᠨ ᠪᠣᠯᠵᠠᠢ᠃ ᠵᠢᠮᠢᠰ ᠤᠨ ᠰᠢᠬᠢᠷ ᠥᠨᠳᠥᠷ ᠢᠳᠡᠭᠡᠨ᠋ ᠢ᠊ ᠰᠢᠩᠭᠡᠬᠡᠨ ᠠᠪᠬᠤ ᠶᠢ ᠬᠢᠵᠠᠬᠠᠷᠯᠠᠬ᠊ ᠤ᠊ ᠨᠢ ᠰᠢᠭᠡᠰᠦᠨ ᠬᠦᠴᠢᠯ ᠥᠨᠳᠥᠷ ᠴᠢᠰᠤᠨ ᠭᠡᠮ ᠢ᠊ ᠬᠢᠵᠠᠬᠠᠷᠯᠠᠬᠤ ᠪᠤᠶᠤ ᠴᠢᠨᠠᠭᠰᠢᠯᠠᠪᠠᠯ ᠪᠠᠭᠤᠷᠠᠭᠤᠯᠬᠤ ᠪᠣᠯᠣᠨ᠎ᠠ᠃    ᠭᠤᠷᠪᠠᠳᠤᠬᠠᠷ ᠲᠤ᠂ ᠠᠵᠢᠯᠯᠠᠵᠤ ᠠᠮᠠᠷᠠᠬ᠊ ᠤᠪᠠᠨ ᠤᠶᠠᠯᠳᠤᠭᠤᠯᠬᠤ ᠬᠡᠷᠡᠭᠲᠡᠢ᠃ ᠡᠩ᠊ ᠤᠨ ᠦᠶ᠎ᠡ ᠲᠤ ᠠᠵᠢᠯᠯᠠᠵᠤ ᠠᠮᠠᠷᠠᠬ᠊ ᠤᠪᠠᠨ ᠤᠶᠠᠯᠳᠤᠭᠤᠯᠵᠤ᠂ ᠠᠮᠢᠳᠤᠷᠠᠯ ᠵᠶᠠᠨ ᠵᠢᠮ᠎ᠡ ᠶᠣᠰ᠊ ᠣ ᠲᠠᠢ ᠪᠠᠶ᠋ᠢᠯᠬᠠᠵᠤ᠂ ᠲᠣᠭᠲᠠᠭᠰᠠᠨ ᠴᠠᠭ᠋ ᠲᠠᠭᠠᠨ ᠠᠵᠢᠯᠯᠠᠵᠤ ᠠᠮᠠᠷᠠᠨ᠂ ᠪᠡᠶ᠎ᠡ ᠪᠠᠨ ᠪᠤᠯᠪᠠᠰᠤᠷᠠᠭᠤᠯᠵᠤ᠂ ᠪᠡᠶ᠎ᠡ ᠶᠢᠨ ᠬᠦᠨᠳ᠋᠊ ᠦᠪᠠᠨ ᠪᠠᠲᠤᠯᠠᠵᠤ᠂ ᠮᠠᠷᠢᠶᠠᠯᠠᠬ᠊ ᠤᠠ᠋ ᠴᠠ ᠵᠠᠶ᠋ᠢᠯᠠᠰᠬᠢᠬᠦ ᠬᠡᠷᠡᠭᠲᠡᠢ᠃ ᠤᠶᠤᠨ᠋ ᠤ᠊ ᠭᠦᠳᠡᠯᠮᠦᠷᠢ ᠪᠣᠯᠣᠨ ᠠᠯᠪᠠᠨ ᠭᠡᠷ ᠲᠤ ᠤᠳᠠᠬᠠᠨ ᠰᠠᠭᠤᠵᠤ ᠠᠵᠢᠯᠯᠠᠳᠠᠭ ᠬᠥᠮᠥᠰ ᠤᠷᠲᠤ ᠬᠤᠭᠤᠴᠠᠭ᠎ᠠ ᠪᠠᠷ ᠲᠡᠷᠢᠭ᠊ ᠢ ᠪᠠᠨ ᠬᠡᠷᠡᠭᠯᠡᠬᠦ ᠪᠤᠶᠤ ᠤᠳᠠᠬᠠᠨ ᠰᠠᠭᠤᠬ᠊ ᠤᠠ᠋ ᠴᠠ ᠵᠠᠶ᠋ᠢᠯᠠᠰᠬᠢᠵᠦ᠂ ᠡᠳᠦᠷ ᠪᠦᠷᠢ ᠵᠣᠬᠢᠬᠤ ᠴᠠᠭ ᠭᠠᠷᠬᠠᠵᠤ ᠬᠥᠳᠡᠯᠭᠡᠭᠡᠨ ᠬᠢᠬᠦ ᠪᠣᠯᠣᠨ ᠪᠡᠶ᠎ᠡ ᠶᠢᠨ ᠭᠦᠳᠡᠯᠮᠦᠷᠢ ᠬᠢᠬᠦ ᠶᠢ ᠦᠷᠭᠦᠯᠵᠢ ᠪᠠᠷᠢᠮᠲᠠᠯᠠᠬᠤ ᠬᠡᠷᠡᠭᠲᠡᠢ᠃    ᠳᠥᠷᠪᠡᠳᠦᠭᠡᠷ ᠲᠤ᠂ ᠲᠤᠯᠠᠢ ᠡᠪᠡᠳᠴᠢᠨ᠋ ᠲᠤ ᠨᠡᠷᠪᠡᠭᠳᠡᠭᠰᠡᠳ᠋᠊ ᠤᠨ ᠤᠳᠠᠬᠠᠨ ᠴᠢᠨᠠᠷᠲᠠᠢ ᠡᠪᠡᠳᠴᠢᠨ᠋ ᠤ᠊ ᠬᠠᠮᠢᠶᠠᠷᠤᠯᠲᠠ᠃ ᠮᠠᠨ᠋ ᠤ᠊ ᠤᠯᠤᠰ ᠤᠨ ᠰᠢᠨᠵᠢᠯᠡᠭᠡᠨ᠋ ᠤ᠊ ᠰᠠᠯᠠᠬᠠᠨ᠋ ᠤ᠊ ᠡᠮᠴᠢ ᠰᠤᠪᠢᠯᠠᠯᠲᠠ ᠶᠢᠨ ᠪᠦᠯᠭᠦᠮ ᠤᠨ᠋ ᠬᠢᠨ ᠲᠤᠯᠠᠢ ᠡᠪᠡᠳᠴᠢᠲᠡᠨ᠋ ᠤ᠊ ᠥᠪᠡᠷ ᠤᠨ ᠬᠠᠮᠢᠶᠠᠷᠤᠯᠲᠠ ᠶᠢᠨ ᠵᠣᠷ ᠭᠠᠷᠬᠠᠵᠤ᠂ ᠢᠳᠡᠭᠡᠨ ᠤᠮᠳᠠᠬᠠᠨ᠋ ᠤ᠊ ᠵᠢᠯᠣᠭᠤᠳᠤᠯᠭ᠎ᠠ᠂ ᠰᠢᠭᠡᠰᠦᠨ ᠬᠦᠴᠢᠯ ᠤᠨ ᠬᠢᠨᠠᠨ ᠬᠡᠮᠵᠢᠯᠲᠡ᠂ ᠡᠮ ᠤᠤᠭᠤᠬᠤ ᠵᠢᠯᠣᠭᠤᠳᠤᠯᠭ᠎ᠠ᠂ ᠬᠥᠳᠡᠯᠭᠡᠭᠡᠨ ᠬᠢᠵᠦ ᠡᠮᠨᠡᠨ ᠵᠠᠰᠠᠬᠤ᠂ ᠥᠪᠡᠷ ᠢ ᠪᠠᠨ ᠬᠠᠮᠢᠶᠠᠷᠤᠨ ᠡᠵᠡᠮᠳᠡᠬᠦ ᠵᠡᠷᠭᠡ 5 ᠲᠠᠯ᠎ᠠ ᠪᠠᠷ ᠲᠤᠰ ᠲᠤᠰ ᠡᠮᠴᠢᠯᠡᠭᠡ ᠰᠤᠪᠢᠯᠠᠯᠲᠠ ᠶᠢ ᠨᠢᠭᠡ ᠴᠣᠭᠴᠠᠵᠢᠭᠤᠯᠤᠭᠰᠠᠨ ᠬᠠᠮᠢᠶᠠᠷᠤᠯᠲᠠ ᠶᠢ ᠶᠠᠪᠤᠭᠳᠠᠭᠤᠯᠵᠠᠢ᠃ ᠡᠪᠡᠳᠴᠢᠲᠡᠨ᠋ ᠢ᠊ ᠵᠢᠯ ᠪᠦᠷᠢ ᠨᠠᠬᠠᠲᠤ ᠵᠠᠬ᠎ᠠ ᠲᠠᠭᠠᠨ ᠬᠤᠶᠠᠷ ᠤᠳᠠᠭ᠎ᠠ ᠨᠢᠭᠤᠷᠲᠠᠨ ᠡᠮᠨᠡᠭᠦᠯᠭᠦ ᠪᠠ ᠰᠤᠪᠢᠯᠠᠬᠤ ᠶᠢ ᠵᠢᠬᠠᠨ ᠵᠢᠯᠣᠭᠤᠳᠤᠨ᠎ᠠ᠃ ᠡᠪᠡᠳᠴᠢᠲᠡᠨ᠋ ᠲᠤ ᠥᠪᠡᠷ ᠢ ᠪᠠᠨ ᠬᠠᠮᠢᠶᠠᠷᠬᠤ ᠶᠢ ᠵᠢᠬᠠᠵᠤ᠂ ᠡᠪᠡᠳᠴᠢᠲᠡᠨ᠋ ᠤ᠊ ᠰᠢᠭᠡᠰᠦᠨ ᠬᠦᠴᠢᠯ ᠤᠨ ᠬᠢᠵᠠᠬᠠᠷᠯᠠᠯ ᠤᠨ ᠪᠠᠶ᠋ᠢᠳᠠᠯ ᠪᠠ ᠡᠪᠡᠳᠴᠢᠨ᠋ ᠤ᠊ ᠢᠯᠡᠷᠡᠯ ᠢ᠊ ᠦᠨᠳᠦᠰᠦᠯᠡᠨ᠂ ᠡᠪᠡᠳᠴᠢᠲᠡᠨ᠋ ᠲᠤ ᠲᠥᠷᠥᠯ ᠬᠤᠪᠢᠶᠠᠨ ᠡᠮᠴᠢᠯᠡᠭᠡ ᠬᠢᠵᠦ ᠪᠤᠢ᠃ ᠪᠤᠶ ᠪᠦᠬᠦᠢ ᠡᠪᠡᠳᠴᠢᠲᠡᠨ᠋ ᠲᠤ ᠬᠠᠨᠳᠤᠯᠬᠠᠲᠤ ᠴᠢᠨᠠᠷᠲᠠ᠊ ᠢ ᠪᠠᠷ ᠡᠷᠡᠭᠦᠯ ᠮᠡᠨᠳᠦ ᠶᠢᠨ ᠬᠥᠮᠦᠵᠢᠯ ᠬᠢᠵᠦ᠂ ᠡᠪᠡᠳᠴᠢᠲᠡᠨ᠋ ᠲᠠᠢ ᠬᠠᠮᠳ᠋᠊ ᠤᠪᠠᠷ ᠥᠪᠡᠷᠮᠢᠴᠡ ᠠᠮᠢᠳᠤᠷᠠᠯ ᠤᠨ ᠠᠷᠭ᠎ᠠ ᠮᠠᠶᠢᠭ᠋ ᠢ᠊ ᠥᠭᠡᠷᠡᠴᠢᠯᠡᠨ ᠰᠠᠶ᠋ᠢᠵᠢᠷᠠᠭᠤᠯᠬᠤ ᠬᠠᠷᠠᠯᠲᠠ ᠶᠢ ᠲᠣᠭᠲᠠᠬᠠᠬᠤ ᠶᠢᠨ ᠬᠠᠮᠲᠤ ᠲᠠᠷᠠᠬᠠᠴᠢ ᠶᠢᠨ ᠤᠳᠠᠬᠠᠨ᠋ ᠤ᠊ ᠡᠮᠴᠢᠯᠡᠭᠡᠨ᠋ ᠤ᠊ ᠦᠶ᠎ᠡ ᠲᠤ ᠠᠬᠢᠴᠠ ᠵ᠊ ᠢ ᠨᠢ ᠦᠨᠡᠯᠡᠨ ᠵᠢᠱᠢᠨ᠎ᠡ᠃ ᠡᠪᠡᠳᠴᠢᠲᠡᠨ᠋ ᠲᠤ ᠶᠠᠮᠠᠷ ᠶᠠᠮᠠᠷ ᠬᠡᠪ᠊ ᠤᠨ ᠪᠤᠰᠤ ᠪᠠᠶ᠋ᠢᠳᠠᠯ ᠭᠠᠷᠪᠠᠯ ᠳᠠᠷᠤᠶ᠋ᠢᠬᠠᠨ ᠡᠮᠨᠡᠭᠦᠯᠭᠦ ᠶᠢ ᠬᠡᠯᠡᠵᠦ ᠥᠭᠭᠦᠨ᠎ᠡ᠃    ᠲᠤᠯᠠᠢ ᠡᠪᠡᠳᠴᠢᠨ᠋ ᠢ᠊ ᠳᠡᠭᠡᠷᠡᠬᠢ ᠤᠯᠠᠨ ᠵᠦᠢᠯ ᠤᠨ ᠠᠷᠭ᠎ᠠ ᠪᠠᠷ ᠳᠠᠮᠵᠢᠵᠤ ᠰᠡᠷᠭᠡᠶ᠋ᠢᠯᠡᠬᠦ ᠪᠠ ᠨᠠᠮᠳᠠᠭᠤᠯᠵᠤ ᠪᠣᠯᠣᠨ᠎ᠠ᠂ ᠭᠠᠭᠴᠠ ᠬᠦ ᠡᠳᠡᠭᠡᠷ ᠨᠠᠷᠢᠨ ᠨᠢᠭᠲᠠ ᠠᠵᠢᠯ ᠢ᠊ ᠰᠠᠶ᠋ᠢᠲᠤᠷ ᠬᠢᠪᠡᠯ ᠰᠠᠶᠢ ᠲᠤᠰ ᠡᠪᠡᠳᠴᠢᠨ᠋ ᠤ᠊ ᠡᠭᠦᠰᠬᠦ ᠨᠤᠷᠮ᠎ᠠ ᠶᠢ ᠪᠠᠭᠤᠷᠠᠭᠤᠯᠵᠤ᠂ ᠬᠥᠮᠥᠰ ᠤᠨ ᠠᠮᠢᠳᠤᠷᠠᠯ ᠤᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠵᠦ ᠴᠢᠳᠠᠨ᠎ᠠ᠃ ︽ᠪᠦᠭᠦ ᠠᠷᠠᠳ ᠵᠶᠠᠷ ᠵᠶᠠᠨ ᠲᠤᠯᠠᠢ ᠡᠪᠡᠳᠴᠢᠨ᠋ ᠢ᠊ ᠠᠩᠬᠠᠷᠬᠤ ᠡᠳᠦᠷ︾ ᠨᠢ ᠨᠢᠭᠡᠨᠲᠡ ᠪᠦᠭᠦ ᠪᠥᠮᠪᠥᠷᠴᠠᠭ᠋ ᠤᠨ ᠲᠤᠯᠠᠢ ᠡᠪᠡᠳᠴᠢᠨ᠋ ᠢ᠊ ᠰᠡᠷᠭᠡᠶ᠋ᠢᠯᠡᠨ ᠵᠠᠰᠠᠬᠤ ᠠᠵᠢᠯ ᠤᠨ ᠴᠢᠬᠤᠯᠠ ᠪᠡᠯᠭᠡ ᠲᠡᠮᠳᠡᠭ ᠪᠣᠯᠵᠠᠢ᠃ ᠲᠡᠷ᠊ ᠡ ᠨᠢ ᠪᠢᠳᠡᠨ᠋ ᠲᠤ ᠥᠪᠡᠷ ᠤᠨ ᠪᠡᠶ᠎ᠡ ᠶᠢᠨ ᠡᠷᠡᠭᠦᠯ ᠴᠢᠭᠢᠷᠠᠭ ᠵᠶᠠᠨ ᠠᠩᠬᠠᠷᠬᠤ ᠶᠢ ᠰᠠᠨᠠᠭᠤᠯᠤᠭᠰᠠᠨ ᠵᠶᠠᠷ ᠪᠠᠷᠠᠬᠤ ᠦᠭᠡᠢ᠂ ᠪᠠᠰᠠ ᠠᠨᠠᠬᠠᠬᠤ ᠤᠬᠠᠬᠠᠨ᠋ ᠤ᠊ ᠡᠲᠡᠭᠡᠳ᠋᠊ ᠤᠨ᠋ ᠬᠢᠨ᠋ ᠤ᠊ ᠲᠤᠯᠠᠢ ᠡᠪᠡᠳᠴᠢᠨ᠋ ᠢ᠊ ᠰᠤᠳᠤᠯᠬᠤ ᠪᠠ ᠡᠮᠨᠡᠨ ᠵᠠᠰᠠᠬᠤ ᠲᠠᠯ᠎ᠠ ᠪᠠᠷ ᠬᠢ ᠲᠠᠰᠤᠷᠠᠯᠲᠠ ᠦᠭᠡᠢ ᠳᠠᠪᠰᠢᠯᠲᠠ ᠶᠢ ᠬᠠᠷᠠᠭᠤᠯᠪᠠ᠃ ᠰᠢᠨᠵᠢᠯᠡᠬᠦ ᠤᠬᠠᠬᠠᠨ ᠲᠧᠭᠨᠢᠭ ᠮᠡᠷᠭᠡᠵᠢᠯ ᠤᠨ ᠬᠥᠭᠵᠢᠯᠲᠡ ᠶᠢ ᠳᠠᠬᠠᠯᠳᠤᠨ᠂ ᠲᠤᠯᠠᠢ ᠡᠪᠡᠳᠴᠢᠨ ᠭᠡᠳᠡᠭ ᠡᠨᠡ ᠬᠦ ᠡᠷᠲᠡ ᠤᠵᠠᠭᠤᠷ᠎ᠠ ᠴ᠊ ᠠ ᠪᠠᠨ ᠪᠠᠶ᠋ᠢᠭᠰᠠᠨ ᠡᠪᠡᠳᠴᠢᠨ᠋ ᠢ᠊ ᠡᠴᠦᠰ ᠲᠡᠭᠡᠨ ᠬᠢᠵᠠᠬᠠᠷᠯᠠᠵᠤ᠂ ᠨᠡᠩ ᠣᠯᠠᠨ ᠡᠪᠡᠳᠴᠢᠲᠡᠨ᠋ ᠢ᠊ ᠡᠷᠡᠭᠦᠯᠵᠢᠭᠦᠯᠵᠦ ᠴᠢᠳᠠᠬ᠊ ᠤ᠊ ᠨᠢ ᠳᠠᠮᠵᠢᠭ ᠦᠭᠡᠢ᠃
ᠢᠷᠡᠯᠲᠡ᠄ ᠠᠯᠠᠱᠠ ᠠᠢᠮᠠᠭ᠋ ᠤᠨ ᠵᠠᠬᠢᠷᠭ᠎ᠠ