ᠠᠰᠠᠷ ᠤᠨ ᠭᠡᠷ ᠵᠶᠠᠨ ᠵᠠᠰᠠᠬ᠊ ᠤᠲ᠋ᠠᠭᠠᠨ ᠵᠡᠷᠭᠡᠯᠡᠳᠡᠭᠡ ᠠᠶ᠋ᠢᠯ ᠤᠨ ᠡᠷᠬᠡ ᠠᠰᠢᠭ᠋ ᠢ᠊ ᠬᠤᠬᠢᠷᠠᠭᠤᠯᠵᠤ ᠪᠣᠯᠬᠤ ᠦᠭᠡᠢ
ᠨᠡᠶᠢᠲᠡᠯᠡᠭᠰᠡᠨ ᠴᠠᠭ᠄
2025/4/11
    ᠠᠮᠢᠳᠤᠷᠠᠯ ᠤᠨ ᠣᠷᠣᠨ ᠵᠠᠢ ᠪᠠ ᠣᠷᠴᠢᠨ ᠲᠣᠭᠤᠷᠢᠨ ᠵᠶᠠᠨ ᠰᠠᠶ᠋ᠢᠵᠢᠷᠠᠭᠤᠯᠬᠤ ᠶᠢᠨ ᠲᠥᠯᠥᠭᠡ᠂ ᠮᠠᠰᠢ ᠤᠯᠠᠨ ᠭᠡᠷ ᠪᠦᠯᠢ ᠵᠢᠨ᠋ ᠬᠢᠨ ᠭᠡᠷ ᠪᠠᠶ᠋ᠢᠰᠢᠩ ᠵᠶᠠᠨ ᠵᠠᠰᠠᠵᠤ ᠴᠢᠮᠡᠭᠯᠡᠬᠦ ᠪᠠ ᠬᠡᠰᠡᠭ ᠲᠠᠯ᠎ᠠ ᠶᠢᠨ ᠥᠭᠡᠷᠡᠴᠢᠯᠡᠯᠲᠡ ᠬᠢᠳᠡᠭ᠃ ᠭᠡᠪᠡᠴᠦ ᠵᠠᠰᠠᠨ ᠴᠢᠮᠡᠭᠯᠡᠵᠦ ᠥᠭᠡᠷᠡᠴᠢᠯᠡᠬᠦ ᠶᠠᠪᠤᠴ᠊ ᠠ ᠲᠤ ᠪᠠᠰᠠ ᠭᠡᠷ ᠪᠠᠶ᠋ᠢᠰᠢᠩ᠊ ᠤᠨ ᠪᠦᠲᠦᠴᠡ ᠶᠢ ᠳᠤᠷ᠎ᠠ ᠪᠠᠷ ᠵᠶᠠᠨ ᠥᠭᠡᠷᠡᠴᠢᠯᠡᠵᠦ᠂ ᠬᠦᠷᠰᠢ ᠵᠡᠷᠭᠡᠯᠡᠳᠡᠭᠡ ᠠᠶ᠋ᠢᠯ ᠤᠨ ᠵᠶᠠᠨ ᠡᠷᠬᠡ ᠠᠰᠢᠭ᠋ ᠢ᠊ ᠬᠤᠬᠢᠷᠠᠭᠤᠯᠬᠤ ᠪᠠᠶ᠋ᠢᠳᠠᠯ ᠦᠷᠭᠦᠯᠵᠢ ᠭᠠᠷᠳᠠᠭ᠃    ᠪᠡᠭᠡᠵᠢᠩ ᠬᠤᠲᠠ ᠶᠢᠨ ᠨᠢᠭᠡᠨ ᠰᠠᠭᠤᠬᠠᠯᠢ ᠲᠤᠭᠤᠷᠢᠭ᠋ ᠤᠨ 202 ᠭᠡᠷ ᠤᠨ ᠡᠵᠡᠨ ᠵᠠᠩ ᠠᠪᠤᠬᠠᠢ ᠥᠪᠡᠷ ᠤᠨ ᠲᠣᠭᠤᠬᠠᠨ ᠭᠡᠷ ᠤᠨ ᠬᠢᠨᠢ ᠠᠲᠠᠷ᠎ᠠ ᠴᠠ ᠤᠰᠤ ᠭᠤᠭᠤᠵᠢᠭᠰᠠᠨ᠋ ᠢ᠊ ᠣᠯᠵᠤ ᠮᠡᠳᠡᠵᠡᠢ᠃ ᠨᠠᠷᠢᠨ ᠪᠠᠶ᠋ᠢᠴᠠᠬᠠᠬ᠊ ᠤᠪᠠᠷ ᠳᠠᠮᠵᠢᠨ ᠤᠰ᠊ ᠤ᠊ ᠨᠢ ᠠᠰᠠᠷ ᠳᠡᠭᠡᠷᠡᠬᠢ 302 ᠭᠡᠷ᠎ᠠ ᠴᠠ ᠭᠤᠭᠤᠵᠢᠭᠰᠠᠨ ᠬᠡᠮᠡᠨ ᠲᠡᠷᠡ ᠦᠵᠡᠵᠦ᠂ ᠠᠰᠠᠷ ᠳᠡᠭᠡᠷ᠎ᠡ ᠭᠠᠷᠴᠤ ᠪᠠᠶ᠋ᠢᠴᠠᠬᠠᠨ ᠦᠵᠡᠭᠰᠡᠨ᠋ ᠤ᠊ ᠳᠠᠷᠠᠭ᠎ᠠ᠂ ᠥᠪᠡᠷ ᠤᠨ ᠲᠣᠭᠤᠬᠠᠨ ᠭᠡᠷ ᠤᠨ ᠳᠡᠭᠡᠷ᠎ᠡ ᠲᠠᠯ᠎ᠠ ᠨᠢ ᠲᠡᠭᠡᠷ᠎ᠡ ᠠᠶ᠋ᠢᠯ ᠤᠨ ᠬᠢᠨᠢ ᠠᠷᠢᠭᠤᠨ ᠴᠡᠪᠡᠷ ᠤᠨ ᠲᠠᠰᠤᠯᠭ᠎ᠠ ᠪᠣᠯᠬᠤ ᠶᠢ ᠣᠯᠵᠤ ᠮᠡᠳᠡᠪᠡ᠃ ᠤᠤᠯ ᠨᠢ 302 ᠭᠡᠷ ᠤᠨ ᠡᠵᠡᠨ ᠭᠤᠤ ᠠᠪᠤᠬᠠᠢ ᠠᠷᠢᠭᠤᠨ ᠴᠡᠪᠡᠷ ᠤᠨ ᠲᠠᠰᠤᠯᠭ᠎ᠠ ᠶᠢᠨ ᠣᠷᠣᠨ ᠪᠠᠶ᠋ᠢᠷᠢ ᠶᠢ ᠳᠤᠷ᠎ᠠ ᠪᠠᠷ ᠵᠶᠠᠨ ᠥᠭᠡᠷᠡᠴᠢᠯᠡᠵᠦ᠂ ᠠᠷᠢᠭᠤᠨ ᠴᠡᠪᠡᠷ ᠤᠨ ᠳᠠᠰᠤᠯᠭ᠎ᠠ ᠪᠠᠨ ᠶᠠᠬ ᠰᠠᠶ᠋ᠢᠬᠠᠨ ᠵᠠᠩ ᠠᠪᠤᠬᠠᠢ ᠶᠢᠨ ᠬᠡᠷ ᠤᠨ ᠲᠤᠭᠤᠬᠠᠨ ᠬᠡᠷ ᠤᠨ ᠲᠡᠭᠡᠷ᠎ᠡ ᠲᠠᠯ᠎ᠠ ᠲᠤ ᠪᠠᠶ᠋ᠢᠷᠢᠯᠠᠭᠤᠯᠤᠬᠰᠠᠨ ᠪᠠᠶ᠋ᠢᠪᠠ᠃ ᠵᠠᠩ ᠠᠪᠤᠬᠠᠢ ᠶᠢᠨ ᠨᠢᠭᠡ ᠭᠡᠷ ᠤᠨ᠋ ᠬᠢᠨ ᠡᠨᠡᠬᠦ ᠪᠠᠶ᠋ᠢᠳᠠᠯ ᠢ᠊ ᠬᠦᠯᠢᠶᠡᠨ ᠠᠪᠬ᠊ ᠤᠲ᠋ᠤ ᠪᠡᠷᠬᠡ ᠪᠠᠶ᠋ᠢᠵᠤ᠂ ᠬᠡᠳᠦᠨᠳᠡ ᠵᠥᠪᠳᠡᠯᠴᠡᠭᠡᠳ ᠦᠷ᠎ᠡ ᠳ᠋ᠦᠩ ᠭᠠᠷᠤᠭᠰᠠᠨ ᠦᠭᠡᠢ ᠪᠣᠯᠬᠤᠷ ᠭᠤᠤ ᠣᠪᠣᠭᠲᠤ ᠶᠢ ᠰᠢᠭᠦᠬᠦ ᠬᠤᠷᠢᠶᠠᠨ᠋ ᠲᠤ ᠵᠠᠬᠠᠯᠳᠤᠵᠤ᠂ ᠨᠦᠭᠦᠭᠡ ᠡᠲᠡᠭᠡᠳ ᠵᠶᠠᠷ ᠭᠡᠷ ᠪᠠᠶ᠋ᠢᠰᠢᠩ᠊ ᠤᠨ ᠪᠦᠲᠦᠴᠡ ᠶᠢᠨ ᠪᠠᠶ᠋ᠢᠷᠢᠰᠢᠯ ᠢ᠊ ᠰᠡᠷᠭᠦᠭᠡᠯᠭᠡᠭ᠊ ᠦᠪᠠᠷ ᠱᠠᠬᠠᠷᠳᠠᠵᠠᠢ᠃    ᠲᠡᠭᠡᠪᠡᠯ ᠥᠪᠡᠷ ᠤᠨ ᠭᠡᠷ ᠵᠶᠠᠨ ᠳᠤᠷ᠎ᠠ ᠪᠠᠷ ᠵᠶᠠᠨ ᠵᠠᠰᠠᠵᠤ ᠪᠣᠯᠣᠨ᠎ᠠ ᠦᠦ︖ ︽ᠮᠠᠨ᠋ ᠤ᠊ ᠤᠯᠤᠰ ᠤᠨ ᠢᠷᠭᠡᠨ᠋ ᠤ᠊ ᠬᠠᠤᠯᠢ ᠶᠢᠨ ᠪᠢᠴᠢᠭ᠌ ᠲᠤ ᠳᠤᠭᠳᠠᠬᠠᠬᠰᠠᠨ ᠵᠶᠠᠷ᠂ ᠦᠯᠦ ᠬᠥᠳᠡᠯᠬᠦ ᠬᠥᠷᠥᠩᠭᠡ ᠶᠢᠨ ᠬᠥᠷᠰᠢ ᠵᠡᠷᠭᠡᠯᠡᠳᠡᠭᠡ ᠶᠢᠨ ᠡᠷᠬᠡᠲᠦ ᠬᠥᠮᠥᠨ᠋ ᠨᠢ ᠦᠢᠯᠡᠳᠪᠦᠷᠢᠯᠡᠯ ᠲᠤ ᠠᠰᠢᠭᠲᠠᠢ᠂ ᠠᠮᠢᠳᠤᠷᠠᠯ ᠲᠤ ᠲᠦᠬᠦᠮ᠂ ᠪᠦᠯᠬᠦᠮᠳᠡᠨ ᠬᠠᠪᠰᠤᠷᠤᠯᠴᠠᠬᠤ᠂ ᠲᠥᠪ ᠭᠤᠣᠯᠴᠢ ᠵᠦᠢ ᠵᠣᠬᠢᠰᠲᠠᠢ ᠪᠠᠶ᠋ᠢᠬᠤ ᠵᠠᠷᠴᠢᠮ ᠶᠣᠰᠣᠬᠠᠷ ᠬᠥᠷᠰᠢ ᠵᠡᠷᠭᠡᠯᠡᠳᠡᠭᠡ ᠶᠢᠨ ᠬᠠᠷᠢᠴᠠᠭ᠎ᠠ ᠪᠠᠨ ᠵᠥᠪ ᠰᠶ᠋ᠢᠳᠪᠦᠷᠢᠯᠡᠬᠦ ᠬᠡᠷᠡᠭᠲᠡᠢ︾ ᠭᠡᠰᠡᠨ ᠪᠠᠶ᠋ᠢᠳᠠᠬ ᠭᠡᠵᠦ ᠪᠡᠭᠡᠵᠢᠩ ᠬᠤᠲᠠ ᠶᠢᠨ ᠭᠤᠷᠪᠠᠳᠤᠬᠠᠷ ᠠᠷᠠᠳ᠋᠊ ᠤᠨ ᠳᠤᠮᠳᠠ ᠵᠡᠷᠭᠡ ᠶᠢᠨ ᠰᠢᠭᠦᠬᠦ ᠬᠤᠷᠢᠶᠠᠨ᠋ ᠤ᠊ ᠰᠢᠭᠦᠬᠴᠢ ᠰᠢᠶᠠ ᠯᠢ ᠬᠡᠯᠡᠬᠦ ᠶᠢᠨ ᠲᠠᠬᠠᠤ ᠭᠡᠷ ᠪᠠᠶ᠋ᠢᠰᠢᠩ ᠵᠶᠠᠨ ᠥᠭᠡᠷᠡᠴᠢᠯᠡᠵᠦ ᠵᠠᠰᠠᠬ᠊ ᠤ᠊ ᠨᠢ ᠬᠡᠷ ᠤᠨ ᠡᠵᠡᠨ᠋ ᠤ᠊ ᠡᠷᠬᠡ ᠴᠢᠯᠦᠭᠡ ᠪᠣᠯᠬᠤ ᠪᠣᠯᠪᠠᠴᠤ ᠵᠢᠷᠤᠮᠵᠢᠭᠤᠨ ᠵᠥᠪᠰᠢᠶᠡᠷᠡᠭᠰᠡᠨ ᠬᠡᠪᠴᠢᠶᠡᠨ ᠳᠣᠲᠣᠷ᠎ᠠ ᠪᠠᠶ᠋ᠢᠬᠤ ᠬᠡᠷᠡᠭᠲᠡᠢ᠃ ᠣᠷᠣᠨ ᠰᠠᠭᠤᠴᠠ ᠶᠢᠨ ᠵᠢᠷᠤᠭ ᠲᠥᠯᠥᠪᠯᠡᠭᠡ ᠶᠢᠨ ᠵᠢᠷᠤᠮᠵᠢᠯ ᠢ᠊ ᠦᠨᠳᠦᠰᠦᠯᠡᠨ᠂ ᠵᠣᠷᠯᠣᠩ᠊ ᠢ᠊ ᠰᠢᠭᠤᠳ ᠳᠣᠣᠷ᠎ᠠ ᠳᠠᠪᠬᠤᠷᠭ᠎ᠠ ᠶᠢᠨ ᠰᠠᠭᠤᠬᠤ ᠡᠷᠦᠬᠡ ᠶᠢᠨ ᠤᠨᠲᠠᠬᠤ ᠥᠷᠥᠭᠡ᠂ ᠵᠤᠴᠢᠨ᠋ ᠤ᠊ ᠦᠷᠦᠬᠡ᠂ ᠲᠣᠭᠤᠬᠠᠨ ᠭᠡᠷ ᠪᠣᠯᠣᠨ ᠬᠤᠭᠤᠯᠠᠨ ᠭᠡᠷ ᠤᠨ ᠳᠡᠭᠡᠳᠦ ᠳᠠᠪᠬᠤᠷᠭ᠎ᠠ ᠲᠤ ᠪᠠᠶ᠋ᠢᠷᠢᠯᠠᠭᠤᠯᠵᠤ ᠪᠣᠯᠬᠤ ᠦᠭᠡᠢ᠃ ︽ᠲᠤᠰ ᠵᠦᠢᠯ ᠵᠤᠷᠪᠤᠰ ᠪᠣᠯ ᠠᠯᠪᠠᠳᠠᠯᠭ᠎ᠠ ᠶᠢᠨ ᠴᠢᠨᠠᠷᠲᠠᠢ ᠵᠦᠢᠯ ᠵᠤᠷᠪᠤᠰ ᠲᠤ ᠲᠣᠬᠠᠴᠠᠭᠳᠠᠨ᠎ᠠ︾᠃ ᠰᠢᠭᠦᠬᠦ ᠬᠤᠷᠢᠶ᠎ᠠ ᠰᠢᠭᠦᠭᠰᠡᠨ᠋ ᠤ᠊ ᠲᠠᠷᠠᠭ᠎ᠠ᠂ 302 ᠭᠡᠷ ᠤᠨ ᠡᠵᠡᠨ᠋ ᠤ᠊ ᠭᠡᠷ ᠪᠠᠶ᠋ᠢᠰᠢᠩ᠊ ᠤᠨ ᠪᠦᠲᠦᠴᠡ ᠶᠢ ᠬᠤᠪᠢᠷᠠᠭᠤᠯᠤᠭᠰᠠᠨ ᠠᠵᠢᠯᠯᠠᠭ᠎ᠠ ᠨᠢ ᠲᠣᠭᠲᠠᠬᠠᠯ ᠢ᠊ ᠵᠥᠷᠢᠴᠡᠭᠰᠡᠨ᠋ ᠲᠤ ᠲᠣᠬᠠᠴᠠᠭᠳᠠᠨ᠎ᠠ ᠭᠡᠵᠦ ᠦᠵᠡᠭᠡᠳ᠂ ᠭᠤᠤ ᠠᠪᠤᠬᠠᠢ ᠶᠢ ᠭᠡᠷ ᠪᠠᠶ᠋ᠢᠰᠢᠩ᠊ ᠤᠨ ᠠᠷᠢᠭᠤᠨ ᠴᠡᠪᠡᠷ ᠤᠨ ᠲᠠᠰᠤᠯᠭ᠎ᠠ᠂ ᠲᠣᠭᠤᠬᠠᠨ ᠭᠡᠷ ᠤᠨ ᠪᠦᠲᠦᠴᠡ ᠶᠢ ᠤᠤᠯ ᠪᠠᠶ᠋ᠢᠳᠠᠯ ᠵᠶᠠᠷ ᠨᠢ ᠰᠡᠷᠭᠦᠭᠡᠯᠭᠡᠭ᠊ ᠦᠪᠠᠷ ᠰᠢᠬᠦᠨ ᠳᠠᠰᠤᠯᠵᠠᠢ᠃    ᠭᠡᠷ ᠲᠤ ᠣᠷᠣᠬᠤ ᠡᠭᠦᠳᠡ ᠶᠢ ᠳᠤᠳᠤᠬᠰᠢ ᠨᠡᠭᠡᠭᠡᠳᠡᠭ ᠪᠠᠶ᠋ᠢᠬᠰᠠᠨ᠋ ᠢ᠊ ᠭᠠᠳᠠᠬᠰᠢ ᠨᠡᠬᠡᠬᠡᠬᠦ ᠪᠤᠯᠬᠠᠨ ᠦᠭᠡᠷᠡᠴᠢᠯᠡᠭᠰᠡᠨ ᠰᠦᠢ ᠠᠪᠤᠬᠠᠢ ᠶᠢᠨ ᠬᠢᠳᠡᠯ ᠨᠢ ᠵᠡᠷᠭᠡᠯᠡᠳᠡᠭᠡ ᠯᠢ ᠠᠪᠤᠬᠠᠢ ᠶᠢᠨ ᠳᠤᠷ᠎ᠠ ᠦᠭᠡᠶ᠋ᠢᠴᠡᠯ ᠢ᠊ ᠬᠦᠷᠬᠡᠵᠡᠢ᠃ ᠰᠦᠢ ᠠᠪᠤᠬᠠᠢ 1505 ᠥᠷᠥᠭᠡᠨ᠋ ᠲᠤ᠂ ᠯᠢ ᠠᠪᠤᠬᠠᠢ 1507 ᠥᠷᠥᠭᠡᠨ᠋ ᠲᠤ ᠰᠠᠭᠤᠵᠤ ᠪᠠᠶ᠋ᠢᠭ᠎ᠠ ᠪᠤᠯᠬᠤᠷ ᠬᠠᠮᠳᠤ ᠨᠢᠬᠡᠨ ᠶᠠᠪᠤᠬᠤ ᠵᠠᠮ ᠢ᠊ ᠬᠡᠷᠡᠭᠯᠡᠵᠦ᠂ ᠬᠤᠶᠠᠷ ᠡᠷᠦᠬᠡ ᠶᠢᠨ ᠤᠷᠤᠬᠤ ᠡᠬᠦᠳ᠋᠊ ᠡ ᠨᠢ 90 ᠭᠷᠡᠳᠦ᠋ᠰ ᠤᠨ ᠬᠠᠪᠴᠢᠭᠰᠠᠨ ᠥᠨᠴᠤᠭ᠋ ᠲᠠᠢ᠃ ᠯᠢ ᠠᠪᠤᠬᠠᠢ ᠶᠢᠨ ᠦᠵᠡᠭ᠊ ᠦᠪᠠᠷ᠂ ᠰᠦᠢ ᠠᠪᠤᠬᠠᠢ ᠶᠢᠨ ᠭᠡᠷ ᠵᠶᠠᠨ ᠦᠭᠡᠷᠡᠴᠢᠯᠡᠭᠰᠡᠨ᠋ ᠨᠢ ᠥᠪᠡᠷ ᠤᠨ ᠶᠠᠪᠤᠵᠤ ᠰᠠᠭᠤᠬᠤ ᠵᠢᠴᠢ ᠠᠮᠤᠷ ᠲᠦᠪᠰᠢᠨ᠋ ᠲᠤ ᠬᠤᠬᠢᠷᠠᠯ ᠤᠴᠠᠷᠠᠭᠤᠯᠤᠬᠰᠠᠨ ᠭᠡᠵᠡᠢ᠃ ᠵᠥᠪᠳᠡᠯᠴᠡᠭᠡᠳ ᠦᠷ᠎ᠡ ᠳ᠋ᠦᠩ ᠭᠠᠷᠤᠭᠰᠠᠨ ᠦᠭᠡᠢ ᠪᠠᠶ᠋ᠢᠳᠠᠯ ᠳᠣᠣᠷ᠎ᠠ᠂ ᠯᠢ ᠠᠪᠤᠬᠠᠢ ᠰᠢᠭᠦᠬᠦ ᠬᠤᠷᠢᠶᠠᠨ᠋ ᠲᠤ ᠵᠠᠬᠠᠯᠳᠤᠨ᠂ ᠬᠡᠷ ᠲᠤ ᠤᠷᠤᠬᠤ ᠡᠭᠦᠳ᠋᠊ ᠡ ᠪᠠᠨ ᠤᠤᠯ ᠶᠠᠩᠵ᠊ ᠤᠪᠠᠷ ᠨᠢ ᠦᠭᠡᠷᠡᠴᠢᠯᠡᠬᠦ ᠶᠢ ᠱᠠᠬᠠᠷᠳᠠᠪᠠ᠃ ᠵᠠᠭᠤᠷᠠᠯᠳᠤᠬᠠᠨ ᠡᠭᠦᠰᠦᠭᠰᠡᠨ᠋ ᠤ᠊ ᠲᠠᠷᠠᠭ᠎ᠠ᠂ ᠰᠦᠢ ᠠᠪᠤᠬᠠᠢ ᠣᠷᠣᠨ ᠰᠠᠭᠤᠴᠠ ᠶᠢᠨ ᠬᠡᠯᠪᠡᠷᠢ ᠶᠢᠨ ᠵᠢᠷᠤᠭ᠋ ᠢ᠊ ᠪᠠᠶ᠋ᠢᠴᠠᠬᠠᠨ ᠦᠵᠡᠭ᠊ ᠦᠲ᠋ᠡᠭᠡᠨ᠂ ᠯᠢ ᠠᠪᠤᠬᠠᠢ ᠭᠡᠷ ᠤᠨ ᠡᠭᠦᠳ᠋᠊ ᠡ ᠪᠠᠨ ᠰᠢᠯᠵᠢᠭᠦᠯᠵᠦ ᠥᠩᠭᠡᠷᠡᠭᠰᠡᠨ ᠪᠥᠭᠡᠳ ᠤᠤᠯ ᠤᠨ ᠣᠷᠣᠨ ᠪᠠᠶ᠋ᠢᠷ᠊ ᠡᠶ᠎ᠡ ᠴ᠊ ᠠ ᠨᠢ 55 ᠰᠠᠨᠲ᠋ᠢᠮᠧᠳ᠋ᠷ ᠭᠠᠳᠠᠬᠰᠢ ᠲᠦᠯᠬᠢᠵᠦ᠂ ᠬᠠᠮᠳᠤ ᠨᠡᠶ᠋ᠢᠳᠡ ᠶᠢᠨ ᠨᠡᠪᠲᠡᠷᠡᠬᠦ ᠵᠠᠮ ᠢ᠊ ᠡᠵᠡᠯᠡᠭᠰᠡᠨ᠋ ᠢ᠊ ᠤᠯᠵᠤ ᠮᠡᠳᠡᠬᠡᠳ᠂ ᠲᠡᠷᠡ ᠳᠠᠷᠤ᠋ ᠢ ᠲᠤᠨᠢ ᠯᠢ ᠠᠪᠤᠬᠠᠢ ᠶᠢᠨ ᠨᠡᠶ᠋ᠢᠲᠡ ᠶᠢᠨ ᠨᠡᠪᠲᠡᠷᠡᠬᠦ ᠵᠠᠮ ᠢ᠊ ᠡᠵᠡᠯᠡᠨ ᠬᠡᠷᠡᠭᠯᠡᠭᠰᠡᠨ ᠪᠠᠶ᠋ᠢᠳᠠᠯ ᠲᠤ ᠭᠡᠳᠡᠷᠭᠦ ᠵᠠᠬᠠᠯᠳᠤᠯᠭ᠎ᠠ ᠬᠢᠵᠦ᠂ ᠡᠰᠡᠷᠬᠦ ᠡᠳᠡᠬᠡᠳ ᠵᠶᠠᠷ ᠬᠡᠷ ᠲᠤ ᠤᠷᠤᠬᠤ ᠡᠭᠦᠳᠡ ᠶᠢᠨ ᠤᠤᠯ ᠤᠨ ᠪᠠᠶ᠋ᠢᠳᠠᠯ ᠢ᠊ ᠰᠡᠷᠭᠦᠭᠡᠯᠬᠡᠭ᠊ ᠦᠪᠠᠷ ᠱᠠᠬᠠᠷᠳᠠᠪᠠ᠃    ︽ᠣᠷᠣᠨ ᠰᠠᠭᠤᠴᠠ ᠶᠢᠨ ᠵᠢᠷᠤᠭ ᠲᠥᠯᠥᠪᠯᠡᠭ᠊ ᠡ ᠲᠤ ᠵᠢᠷᠤᠮᠵᠢᠭᠤᠨ ᠪᠥᠭᠡᠳ ᠲᠣᠳᠣᠷᠬᠠᠢ ᠵᠢᠬᠠᠬᠰᠠᠨ ᠪᠠᠶ᠋ᠢᠳᠠᠭ᠂ ᠭᠠᠳᠠᠭᠰᠢ ᠨᠡᠭᠡᠭᠡᠬᠦ ᠡᠭᠦᠳ᠋᠊ ᠡ ᠨᠢ ᠣᠯᠠᠨ ᠨᠡᠶ᠋ᠢᠲᠡ ᠶᠢᠨ ᠭᠠᠷᠴᠤ ᠤᠷᠤᠬᠤ ᠵᠢᠴᠢ ᠬᠥᠷᠰᠢ ᠵᠡᠷᠭᠡᠯᠡᠳᠡᠭᠡ ᠡᠷᠦᠬᠡ ᠶᠢᠨ ᠡᠭᠦᠳᠡ ᠨᠡᠭᠡᠭᠡᠬᠦ ᠶᠢ ᠬᠠᠷᠰᠢᠯᠠᠵᠤ ᠪᠣᠯᠬᠤ ᠦᠭᠡᠢ᠃ ᠡᠭᠦᠨ᠋ ᠤ᠊ ᠬᠠᠮᠲᠤ ᠠᠷᠠᠳ᠋᠊ ᠤᠨ ᠬᠡᠷᠡᠭᠯᠡᠭᠡᠨ᠋ ᠤ᠊ ᠪᠠᠷᠢᠯᠭ᠎ᠠ ᠶᠢᠨ ᠵᠢᠷᠤᠭ ᠲᠥᠯᠥᠪᠯᠡᠭ᠊ ᠡ ᠲᠤ ᠨᠢᠭᠡᠳᠦᠯᠲᠡᠢ ᠪᠠᠷᠢᠮᠵᠢᠶ᠎ᠠ ᠲᠣᠭᠲᠠᠬᠠᠵᠤ᠂ ᠠᠮᠤᠷ ᠲᠦᠪᠰᠢᠨ᠋ ᠤ᠊ ᠵᠠᠮ ᠵᠢᠴᠢ ᠠᠰᠠᠷ ᠤᠨ ᠱᠠᠲᠤᠨ᠋ ᠤ᠊ ᠬᠤᠭᠤᠷᠣᠨᠳᠣᠬᠢ ᠡᠭᠦᠳᠡ ᠴᠣᠩᠬᠣ᠋ ᠶᠢ ᠬᠦᠢᠴᠡᠳ ᠨᠡᠭᠡᠭᠡᠭᠰᠡᠨ᠋ ᠤ᠊ ᠳᠠᠷᠠᠭ᠎ᠠ᠂ ᠶᠠᠪᠤᠬᠤ ᠵᠠᠮ ᠵᠢᠴᠢ ᠠᠰᠠᠷ ᠤᠨ ᠱᠠᠲᠤᠨ᠋ ᠤ᠊ ᠲᠠᠪᠴᠠᠩ᠊ ᠤᠨ ᠲᠠᠷᠬᠠᠬᠠᠬᠤ ᠥᠷᠭᠡᠴᠡ ᠶᠢ ᠨᠥᠯᠥᠭᠡᠯᠡᠵᠦ ᠪᠣᠯᠬᠤ ᠦᠭᠡᠢ︾ ᠭᠡᠵᠦ ᠪᠡᠭᠡᠵᠢᠩ ᠬᠤᠲᠠ ᠶᠢᠨ ᠭᠤᠷᠪᠠᠳᠤᠬᠠᠷ ᠠᠷᠠᠳ᠋᠊ ᠤᠨ ᠳᠤᠮᠳᠠ ᠵᠡᠷᠭᠡ ᠶᠢᠨ ᠰᠢᠭᠦᠬᠦ ᠬᠤᠷᠢᠶᠠᠨ᠋ ᠤ᠊ ᠰᠢᠭᠦᠭᠴᠢ ᠸᠠᠩ ᠲᠢᠶᠠᠨ ᠱᠦᠢ ᠬᠡᠯᠡᠵᠦ ᠪᠠᠶ᠋ᠢᠯ᠎ᠠ᠃    ᠲᠤᠰ ᠬᠡᠷᠠᠭ᠋ ᠲᠤ ᠯᠢ ᠠᠪᠤᠬᠠᠢ ᠪᠡᠶ᠎ᠡ ᠪᠠᠨ ᠦᠮᠦᠭᠯᠡᠭ᠊ ᠦᠲ᠋ᠡᠭᠡᠨ᠂ ᠲᠤᠬᠠᠢ ᠶᠢᠨ ᠦᠶ᠎ᠡ ᠲᠤ ᠭᠡᠷ ᠤᠨ ᠡᠭᠦᠳ᠋᠊ ᠡ ᠪᠠᠨ ᠰᠢᠯᠵᠢᠬᠦᠯᠭ᠊ ᠦᠲ᠋ᠤ 1505 ᠦᠷᠦᠭᠡ ᠶᠢᠨ ᠤᠤᠯ ᠤᠨ ᠡᠵᠡᠨ᠋ ᠤ᠊ ᠵᠥᠪᠰᠢᠶᠡᠷᠡᠯ ᠢ᠊ ᠣᠯᠣᠭᠰᠠᠨ ᠶᠤᠮ᠂ ᠡᠨ᠋᠊ ᠡ ᠨᠢ ᠰᠦᠢ ᠠᠪᠤᠬᠠᠢ ᠶᠢᠨ ᠵᠣᠷᠢᠯᠲᠠ ᠶᠢ ᠡᠰᠡᠷᠭᠦᠴᠡᠵᠦ ᠪᠣᠯᠬᠤ ᠦᠦ︖ ︽ᠲᠡᠭᠦᠨ᠋ ᠤ᠊ ᠦᠢᠯᠡ ᠠᠵᠢᠯᠯᠠᠭ᠎ᠠ ᠨᠢ ᠵᠥᠪᠰᠢᠶᠡᠷᠡᠯ ᠣᠯᠣᠭᠰᠠᠨ ᠪᠤᠯᠪᠠᠴᠤ ᠵᠦᠢ ᠶᠣᠰᠣᠴᠢ ᠴᠢᠨᠠᠷ ᠲᠠᠢ ᠪᠢᠰᠢ︾ ᠭᠡᠵᠦ ᠸᠠᠩ ᠲᠢᠶᠠᠨ ᠱᠦᠢ ᠬᠡᠯᠡᠬᠦ ᠶᠢᠨ ᠬᠠᠮᠳᠤ᠂ 1505 ᠥᠷᠥᠭᠡ ᠶᠢᠨ ᠤᠤᠯ ᠤᠨ ᠥᠮᠴᠢᠯᠡᠬᠦ ᠡᠷᠬᠡᠲᠦ ᠬᠥᠮᠥᠨ᠋ ᠤ᠊ ᠵᠥᠪᠰᠢᠶᠡᠷᠡᠯ ᠨᠢ ᠣᠲᠣ ᠶᠢᠨ ᠪᠠᠶ᠋ᠢᠭ᠎ᠠ ᠥᠮᠴᠢᠯᠡᠬᠦ ᠡᠷᠬᠡᠲᠦ ᠬᠥᠮᠥᠨ ᠰᠦᠢ ᠠᠪᠤᠬᠠᠢ ᠶᠢᠨ ᠬᠢᠳᠡᠯ ᠢ᠊ ᠬᠢᠵᠠᠬᠠᠷᠯᠠᠵᠤ ᠲᠡᠶ᠋ᠢᠯᠬᠦ ᠦᠭᠡᠢ᠂ ᠯᠢ ᠠᠪᠤᠬᠠᠢ ᠶᠢᠨ ᠣᠯᠠᠨ ᠨᠡᠶ᠋ᠢᠲᠡ ᠶᠢᠨ ᠨᠡᠪᠲᠡᠷᠡᠬᠦ ᠵᠠᠮ ᠤᠨ ᠣᠷᠣᠨ ᠵᠠᠢ ᠶᠢ ᠰᠢᠬᠠᠨ ᠡᠵᠡᠯᠡᠭᠰᠡᠨ ᠦᠢᠯᠡ ᠠᠵᠢᠯᠯᠠᠭ᠎ᠠ ᠨᠢ ᠰᠦᠢ ᠠᠪᠤᠬᠠᠢ ᠶᠢᠨ ᠥᠯᠥ ᠬᠥᠳᠡᠯᠬᠦ ᠬᠥᠷᠥᠩᠭᠡ ᠶᠢᠨ ᠪᠣᠳᠠᠰ ᠤᠨ ᠡᠷᠭ᠊ ᠡ ᠪᠠᠨ ᠬᠡᠷᠡᠭᠵᠢᠭᠦᠯᠭ᠊ ᠦᠲ᠋ᠤ ᠬᠠᠷᠰᠢ ᠰᠠᠬᠠᠳ ᠤᠴᠠᠷᠠᠭᠤᠯᠵᠤ ᠪᠠᠶ᠋ᠢᠨ᠎ᠠ ᠭᠡᠵᠡᠢ᠃ ᠰᠢᠭᠦᠬᠦ ᠬᠤᠷᠢᠶ‌‍᠎ᠠ᠎ᠠ ᠴᠠ ᠬᠤᠶᠠᠷ ᠲᠠᠯ᠎ᠠ ᠪᠠᠷ ᠵᠶᠠᠨ ᠴᠥᠮ ᠥᠪᠡᠷ ᠥᠪᠡᠷ ᠤᠨ ᠪᠤᠰᠤᠳ᠋᠊ ᠢ᠊ ᠬᠠᠷᠰᠢᠯᠠᠬᠰᠠᠨ ᠠᠵᠢᠯᠯᠠᠭ᠎ᠠ ᠪᠠᠨ ᠵᠣᠭᠰᠣᠬᠠᠵᠤ᠂ ᠥᠪᠡᠷᠰᠡᠳ᠋᠊ ᠤᠨ ᠭᠡᠷ ᠲᠤ ᠣᠷᠣᠬᠤ ᠡᠭᠦᠳ᠋᠊ ᠡ ᠪᠠᠨ ᠤᠤᠯ ᠪᠠᠶ᠋ᠢᠳᠠᠯ ᠲᠤᠨᠢ ᠪᠤᠴᠠᠬᠠᠨ ᠰᠡᠷᠬᠦᠬᠡᠬᠦ ᠬᠡᠷᠡᠭᠳᠡᠢ ᠭᠡᠵᠦ ᠰᠢᠬᠦᠨ ᠳᠠᠰᠤᠯᠵᠠᠢ᠃ ᠪᠡᠭᠡᠵᠢᠩ ᠬᠤᠲᠠ ᠶᠢᠨ ᠭᠤᠷᠪᠠᠳᠤᠬᠠᠷ ᠠᠷᠠᠳ᠋᠊ ᠤᠨ ᠳᠤᠮᠳᠠ ᠵᠡᠷᠭᠡ ᠶᠢᠨ ᠰᠢᠭᠦᠬᠦ ᠬᠤᠷᠢᠶ‌‍᠎ᠠ᠎ᠠ ᠴᠠ ᠰᠠᠨᠠᠭᠤᠯᠬ᠊ ᠤᠲ᠋ᠠᠭᠠᠨ᠂ ᠠᠰᠠᠷ ᠢ᠊ ᠥᠭᠡᠷᠡᠴᠢᠯᠡᠨ ᠰᠢᠨᠡᠳᠬᠡᠬᠦ ᠵᠢᠷᠤᠭ ᠲᠥᠯᠥᠪᠯᠡᠭᠡ ᠶᠢᠨ ᠲᠥᠰᠥᠯ ᠲᠤ ᠪᠦᠲᠦᠴᠡ ᠶᠢᠨ ᠠᠮᠤᠷ ᠲᠦᠪᠰᠢᠨ᠋ ᠢ᠊ ᠦᠨᠡᠨ ᠬᠦ ᠪᠠᠲᠤᠯᠠᠵᠤ᠂ ᠲᠤᠯᠬᠠᠭᠤᠷ ᠬᠡᠷᠡᠮ᠂ ᠨᠢᠷᠤᠭᠤᠨ᠋ ᠤ᠊ ᠲᠤᠯᠬᠠᠭᠤᠷ ᠵᠡᠷᠭᠡ ᠵᠠᠩᠭᠢᠯᠠᠭ᠎ᠠ ᠶᠢᠨ ᠪᠦᠲᠦᠴᠡ ᠶᠢᠨ ᠲᠣᠨᠣᠭᠯᠠᠬᠠᠰᠤ ᠶᠢ ᠳᠤᠷ᠎ᠠ ᠪᠠᠷ ᠵᠶᠠᠨ ᠬᠤᠪᠢᠷᠠᠭᠤᠯᠬᠤ ᠪᠤᠶᠤ ᠨᠤᠷᠠᠬᠠᠵᠤ ᠪᠣᠯᠬᠤ ᠦᠭᠡᠢ︔ ᠲᠣᠭᠤᠬᠠᠨ ᠭᠡᠷ᠂ ᠠᠷᠢᠭᠤᠨ ᠴᠡᠪᠡᠷ ᠤᠨ ᠲᠠᠰᠤᠯᠭ᠎ᠠ ᠵᠡᠷᠭᠡ ᠣᠨᠴᠠᠬᠠᠶ ᠦᠢᠯᠡᠳᠦᠯ ᠲᠠᠢ ᠣᠷᠣᠨ᠋ ᠤ᠊ ᠤᠷᠤᠨ ᠪᠠᠶ᠋ᠢᠷᠢ ᠶᠢ ᠳᠤᠷ᠎ᠠ ᠪᠠᠷ ᠵᠶᠠᠨ ᠰᠣᠯᠢᠵᠤ ᠪᠣᠯᠬᠤ ᠦᠭᠡᠢ᠃   
ᠢᠷᠡᠯᠲᠡ᠄ ᠠᠯᠠᠱᠠ ᠠᠢᠮᠠᠭ᠋ ᠤᠨ ᠵᠠᠬᠢᠷᠭ᠎ᠠ