ᠨᠠᠰᠤᠨ᠋ ᠲᠤ ᠥᠯᠥ ᠭᠦᠷᠦᠭᠰᠡᠳ᠋᠊ ᠤᠨ ᠡᠷᠡᠭᠦᠯ ᠵᠶᠠᠷ ᠦᠰᠦᠨ ᠪᠣᠶ᠋ᠢᠵᠢᠬᠤ ᠶᠢ ᠪᠠᠲᠤᠯᠠᠬ᠊ ᠤᠲ᠋ᠤ ᠬᠠᠤᠯᠢ ᠴᠠᠬᠠᠵᠠ ᠶᠢᠨ ᠲᠤᠰᠠᠯᠠᠮᠵᠢ ᠶᠢᠨ ᠡᠭᠦᠷᠭᠡ | ᠴᠢᠳᠠᠪᠤᠷᠢ ᠶᠢᠨ ᠦᠢᠯᠡᠳᠦᠯ ᠢ᠊ ᠭᠦᠢᠴᠡᠳ ᠪᠠᠳᠠᠷᠠᠭᠤᠯᠬᠤ ᠶᠢᠨ ᠲᠥᠯᠥᠭᠡ᠂ ᠬᠠᠤᠯᠢ ᠴᠠᠬᠠᠵᠠ ᠶᠢᠨ ᠶᠠᠮᠤᠨ ︽ᠬᠠᠤᠯᠢ ᠴᠠᠬᠠᠵᠠ ᠶᠢᠨ ᠲᠤᠰᠠᠯᠠᠮᠵᠢ ᠦᠵᠡᠭᠦᠯᠵᠦ | ᠠᠪᠤᠷᠠᠨ ᠬᠠᠮᠠᠬᠠᠠᠯᠬᠤ︾ ᠠᠵᠢᠯᠯᠠᠭᠠ ᠥᠷᠨᠢᠭᠦᠯᠬᠦ ᠲᠤᠬᠠᠢ ᠮᠡᠳᠡᠭᠳᠡᠯ ᠢ᠊ ᠲᠦᠷᠦᠭᠦᠬᠡᠨ ᠳᠠᠷᠤᠮᠠᠯᠯᠠᠨ ᠲᠠᠷᠬᠠᠬᠠᠵᠤ᠂ ᠲᠤᠰᠬᠠᠢ ᠬᠠᠯᠠᠮᠰᠢᠯ ᠤᠲᠠᠰᠤ ᠭᠠᠷᠬᠠᠬᠤ᠂ | ᠲᠤᠰᠬᠠᠢ ᠦᠢᠯᠡᠴᠢᠯᠡᠭᠡ ᠥᠷᠨᠢᠭᠦᠯᠬᠦ᠂ ᠲᠤᠰᠠᠯᠠᠬᠤ ᠪᠠᠷᠢᠮᠵᠢᠶᠠ ᠶᠢ ᠪᠠᠭᠤᠷᠠᠭᠤᠯᠬᠤ ᠵᠡᠷᠭᠡ ᠠᠭᠤᠯᠭᠠ ᠶᠢᠨ ᠲᠣᠭᠤᠷᠢᠨ᠋ ᠲᠤ 10 ᠵᠦᠢᠯ ᠤᠨ ᠠᠵᠢᠯᠯᠠᠬᠠᠨ᠋ ᠤ᠊ | ᠠᠷᠭᠠ ᠬᠡᠮᠵᠢᠶᠡ ᠳᠤᠷᠠᠳᠪᠠ᠃ | ᠨᠠᠰᠤᠨ᠋ ᠲᠤ ᠥᠯᠥ ᠭᠦᠷᠦᠭᠰᠡᠳ᠋᠊ ᠤᠨ ᠬᠠᠤᠯᠢ ᠴᠠᠬᠠᠵᠠ ᠶᠢᠨ ᠲᠤᠰᠠᠯᠠᠮᠵᠢ ᠶᠢ ᠯᠠᠪᠯᠠᠨ ᠲᠠᠨᠢᠯᠴᠠᠭᠤᠯᠬᠤ ᠪᠠ ᠲᠦᠪᠡᠭ ᠪᠤᠳᠤᠯᠢᠶᠠᠨᠲᠠᠢ ᠨᠡᠶ᠋ᠢᠭᠡᠮ ᠤᠨ ᠨᠥᠯᠥᠭᠡ | ᠶᠡᠬᠡᠲᠡᠢ ᠬᠡᠷᠠᠭ᠋ ᠢ᠊ ᠲᠤᠰᠬᠠᠢ ᠬᠠᠤᠯᠢᠴᠢ ᠲᠣᠮᠢᠯᠠᠬᠤ᠂ ᠲᠠᠰ ᠳᠡᠪᠰᠢᠭᠦᠯᠦᠨ ᠬᠠᠤᠯᠢᠴᠢ ᠲᠣᠮᠢᠯᠠᠬᠤ ᠲᠣᠭᠲᠠᠴᠠ ᠶᠢ ᠲᠡᠭᠦᠯᠳᠡᠷᠵᠢᠭᠦᠯᠵᠦ᠂ ᠳᠠᠬᠠᠬᠠᠨ ᠭᠦᠢᠴᠡᠳᠬᠡᠬᠦ | ᠬᠠᠤᠯᠢᠴᠢ ᠶᠢᠨ ᠲᠤᠰᠬᠠᠢ ᠪᠣᠯᠪᠠᠰᠤᠷᠠᠯ ᠬᠦᠷᠲᠡᠵᠦ ᠨᠠᠰᠤᠨ᠋ ᠲᠤ ᠥᠯᠥ ᠭᠦᠷᠦᠭᠰᠡᠳ᠋᠊ ᠤᠨ ᠪᠡᠶᠡ ᠰᠡᠳᠬᠢᠯ ᠤᠨ ᠣᠨᠴᠠᠯᠢᠭ᠋ ᠢ᠊ ᠣᠶ᠋ᠢᠯᠠᠬᠠᠬᠤ ᠶᠢ ᠦᠨᠡᠨ ᠬᠦ | ᠪᠠᠲᠤᠯᠠᠨᠠ᠃ ᠡᠴᠦᠰ ᠲᠤᠨᠢ ᠲᠤᠯᠲᠠᠯᠠ ᠲᠤᠰᠠᠯᠠᠵᠤ᠂ ᠠᠳᠠᠯᠢ ᠨᠢᠭᠡᠨ ᠬᠡᠷᠠᠭ᠋ ᠤᠨ ᠠᠳᠠᠯᠢ ᠪᠤᠰᠤ ᠱᠠᠲᠤᠨ᠋ ᠲᠤ ᠠᠯᠢ ᠴᠢᠳᠠᠬ᠊ ᠤᠪᠠᠷ ᠠᠳᠠᠯᠢ ᠨᠢᠭᠡᠨ ᠬᠠᠤᠯᠢᠴᠢ ᠶᠢ | ᠲᠣᠮᠢᠯᠠᠨ ᠳᠠᠬᠠᠬᠠᠨ ᠬᠢᠯᠭᠡᠨᠡ᠃ ᠭᠡᠷ ᠲᠡᠭᠡᠨ ᠬᠤᠴᠣᠷᠤᠭᠰᠠᠨ᠂ ᠬᠦᠴᠢᠷᠳᠡᠯ ᠲᠤ ᠲᠤᠯᠬᠠᠷᠠᠭᠰᠠᠨ᠂ ᠵᠡᠮᠳᠡᠭ ᠬᠡᠦᠬᠡᠳ᠋ᠲ᠋ᠤ ᠪᠣᠯᠵᠣᠭᠰᠠᠨ ᠦᠢᠯᠡᠴᠢᠯᠡᠭᠡ ᠪᠤᠶᠤ ᠭᠡᠷ | ᠲᠤᠨᠢ ᠬᠦᠷᠴᠦ ᠦᠢᠯᠡᠴᠢᠯᠡᠭᠡ ᠬᠠᠩᠬᠠᠨᠠ᠃ | ᠮᠡᠳᠡᠭᠳᠡᠯ ᠲᠤ᠂ ᠬᠠᠤᠯᠢ ᠴᠠᠬᠠᠵᠠ ᠶᠢᠨ ᠲᠤᠰᠠᠯᠠᠮᠵᠢ ᠶᠢᠨ ᠬᠠᠤᠯᠢ ᠶᠢ ᠨᠠᠶ᠋ᠢᠳᠠᠪᠤᠷᠢᠵᠢᠭᠤᠯᠵᠤ᠂ ᠬᠠᠯᠠ ᠠᠮᠰᠠᠭᠰᠠᠨ᠂ ᠣᠷᠬᠢᠭᠳᠠᠭᠰᠠᠨ ᠪᠤᠶᠤ ᠭᠡᠷ ᠪᠦᠯᠢ ᠶᠢᠨ | ᠬᠦᠴᠦᠷᠬᠡᠭᠯᠡᠯ ᠲᠤ ᠤᠴᠠᠷᠠᠭᠰᠠᠨ ᠨᠠᠰᠤᠨ᠋ ᠲᠤ ᠥᠯᠥ ᠭᠦᠷᠦᠭᠰᠡᠳ᠋ᠲ᠋ᠤ ᠬᠠᠤᠯᠢ ᠴᠠᠬᠠᠵᠠ ᠶᠢᠨ ᠲᠤᠰᠠᠯᠠᠮᠵᠢ ᠭᠤᠶᠤᠴᠢᠯᠠᠬ᠊ ᠤᠲ᠋ᠤ ᠠᠵᠤ ᠠᠬᠤᠢ ᠶᠢᠨ ᠬᠦᠴᠢᠷᠳᠡᠯ ᠤᠨ | ᠨᠥᠬᠦᠴᠡᠯ ᠲᠤ ᠬᠢᠵᠠᠬᠠᠷᠯᠠᠭᠳᠠᠬᠤ ᠦᠭᠡᠢ᠃ ᠲᠣᠭᠲᠠᠭᠰᠠᠨ ᠠᠵᠤ ᠠᠬᠤᠢ ᠶᠢᠨ ᠤᠷᠤᠯᠭᠠ ᠦᠭᠡᠢ ᠨᠠᠰᠤᠨ᠋ ᠲᠤ ᠦᠯᠦ ᠭᠦᠷᠦᠭᠰᠡᠳ᠋᠊ ᠢ᠊ ᠠᠵᠤ ᠠᠬᠤᠢ ᠶᠢᠨ | ᠬᠦᠴᠢᠷᠳᠡᠯ ᠤᠨ ᠪᠠᠶ᠋ᠢᠳᠠᠯ ᠢ ᠨᠢ ᠬᠢᠨᠠᠨ ᠪᠠᠶ᠋ᠢᠴᠠᠬᠠᠬ᠊ ᠤᠠ᠋ ᠴᠠ ᠬᠡᠯᠲᠦᠷᠢᠭᠦᠯᠦᠨᠡ᠃ ᠡᠯᠡ ᠭᠠᠵᠠᠷ ᠤᠨ ᠨᠠᠰᠤᠨ᠋ ᠲᠤ ᠭᠦᠷᠦᠭᠡᠳᠦᠢ ᠬᠤᠣᠷᠯᠠᠭᠳᠠᠭᠴᠢ ᠶᠢᠨ ᠬᠠᠤᠯᠢ | ᠴᠠᠬᠠᠵᠠ ᠶᠢᠨ ᠲᠤᠰᠠᠯᠠᠮᠵᠢ ᠭᠦᠷᠳᠡᠭᠦ ᠬᠡᠪᠴᠢᠶᠡ ᠶᠢ ᠬᠠᠤᠯᠢ ᠶᠣᠰᠣᠬᠠᠷ ᠥᠷᠭᠡᠳᠬᠡᠬᠦ ᠶᠢ ᠳᠡᠮᠵᠢᠨᠡ ᠭᠡᠵᠦ ᠳᠤᠷᠠᠳᠴᠠᠢ᠃ ᠣᠶ᠋ᠢᠯᠠᠬᠠᠭᠰᠠᠨ ᠵᠶᠠᠷ᠂ 2023 ᠣᠨ᠋ | ᠲᠤ ᠪᠦᠭᠦ ᠤᠯᠤᠰ ᠤᠨ ᠬᠠᠤᠯᠢ ᠴᠠᠬᠠᠵᠠ ᠶᠢᠨ ᠲᠤᠰᠠᠯᠠᠮᠵᠢ ᠶᠢᠨ ᠪᠠᠶ᠋ᠢᠭᠤᠯᠤᠮᠵ᠊ ᠡᠶᠡ ᠴᠠ ᠨᠠᠰᠤᠨ᠋ ᠲᠤ ᠥᠯᠥ ᠭᠦᠷᠦᠭᠰᠡᠳ᠋᠊ ᠤᠨ ᠬᠠᠤᠯᠢ ᠴᠠᠬᠠᠵᠠ ᠶᠢᠨ | ᠲᠤᠰᠠᠯᠠᠮᠵᠢ ᠶᠢᠨ ᠬᠡᠷᠠᠭ᠋ ᠢ᠊ ᠨᠡᠶ᠋ᠢᠲᠡ 18 ᠲᠦᠮᠡᠨ ᠬᠤᠪᠢ ᠵᠣᠬᠢᠶᠠᠨ ᠪᠠᠶ᠋ᠢᠭᠤᠯᠤᠨ ᠰᠢᠢᠳᠪᠦᠷᠢᠯᠡᠵᠦ᠂ ᠨᠠᠰᠤᠨ᠋ ᠲᠤ ᠥᠯᠥ ᠭᠦᠷᠦᠭᠰᠡᠳ᠋ᠲ᠋ᠤ ᠬᠠᠤᠯᠢ ᠴᠠᠬᠠᠵᠠ ᠶᠢᠨ | ᠵᠥᠪᠯᠡᠯᠭᠡ 15 ᠲᠦᠮᠡᠨ ᠬᠥᠮᠥᠨ ᠤᠳᠠᠭᠠ ᠬᠠᠩᠬᠠᠵᠤ᠂ ᠨᠠᠰᠤᠨ᠋ ᠲᠤ ᠥᠯᠥ ᠭᠦᠷᠦᠭᠰᠡᠳ᠋᠊ ᠤᠨ ᠬᠠᠤᠯᠢ ᠶᠣᠰᠣᠨ᠋ ᠤ᠊ ᠡᠷᠬᠡ ᠠᠰᠢᠭ᠋ ᠢ᠊ ᠬᠦᠴᠦᠲᠡᠢ ᠬᠠᠮᠠᠬᠠᠯᠠᠪᠠ᠃ | | |