ᠡᠨᠧᠷᠭᠢ ᠶᠢᠨ ᠤᠮᠳᠠᠬᠠᠨ ᠵᠠᠯᠠᠭᠤᠴᠤᠳ᠋᠊ ᠤᠨ ᠨᠣᠶ᠋ᠢᠷ ᠢ᠊ ᠬᠠᠷᠰᠢᠯᠠᠨ᠎ᠠ
ᠨᠡᠶᠢᠲᠡᠯᠡᠭᠰᠡᠨ ᠴᠠᠭ᠄
2025/4/11
    ᠭᠠᠳᠠᠬᠠᠳᠤ ᠶᠢᠨ ᠨᠢᠭᠡᠨ ᠰᠡᠳᠬᠦᠯ ᠤᠨ ᠣᠶ᠋ᠢᠷ᠎ᠠ ᠲᠤ ᠨᠡᠶ᠋ᠢᠲᠡᠯᠡᠭᠰᠡᠨ ᠨᠢᠭᠡᠨ ᠰᠤᠳᠤᠯᠬᠠᠨ᠋ ᠲᠤ ᠢᠯᠡᠷᠡᠭᠦᠯᠦᠭᠰᠡᠨ ᠵᠶᠠᠷ᠂ ᠡᠨᠧᠷᠭᠢ ᠶᠢᠨ ᠤᠮᠳᠠᠬᠠᠨ ᠤᠤᠭᠤᠬ᠊ ᠤ᠊ ᠨᠢ ᠵᠠᠯᠠᠭᠤᠴᠤᠳ᠋᠊ ᠤᠨ ᠨᠣᠶ᠋ᠢᠷ ᠮᠠᠭᠤᠲᠠᠬ᠊ ᠤᠲ᠋ᠠᠢ ᠬᠤᠯᠪᠤᠭ᠎ᠠ ᠲᠠᠢ᠃ ᠡᠶ᠋ᠢᠮᠦ ᠤᠮᠳᠠᠬᠠᠨ᠋ ᠢ᠊ ᠭᠡᠳᠦ ᠤᠯᠠᠨ ᠤᠤᠭᠤᠪᠠᠯ ᠵᠠᠯᠠᠭᠤᠴᠤᠳ᠋᠊ ᠤᠨ ᠤᠨᠲᠠᠬᠤ ᠴᠠᠭ᠋ ᠨᠢ ᠲᠡᠳᠦᠢ ᠪᠠᠭ᠎ᠠ ᠪᠣᠯᠵᠤ᠂ ᠰᠠᠷ᠎ᠠ ᠲᠤ 1 - 3 ᠤᠳᠠᠭ᠎ᠠ ᠯᠡ ᠤᠤᠭᠤᠭᠰᠠᠨ ᠴᠦ ᠨᠣᠶ᠋ᠢᠷ ᠢ᠊ ᠬᠠᠷᠰᠢᠯᠠᠬᠤ ᠲᠦᠭᠰᠢᠭᠦᠷ᠊ ᠢ ᠲᠠᠢ ᠭᠡᠵᠡᠢ᠃    ᠡᠨᠧᠷᠭᠢ ᠶᠢᠨ ᠤᠮᠳᠠᠬᠠᠨ᠋ ᠤ᠊ ᠳᠤᠮᠳᠠᠴᠢ ᠺᠤᠹᠤᠶᠢᠨ᠋ ᠤ᠊ ᠠᠭᠤᠯᠤᠭᠳᠠᠴ᠊ ᠠ ᠨᠢ ᠯᠢᠳ᠋ᠷ ᠪᠦᠷ᠊ ᠢ ᠲᠤ 150 ᠮᠢᠯᠢᠭᠷᠡᠮ ᠪᠠᠶ᠋ᠢᠵᠤ᠂ ᠪᠠᠰᠠ ᠰᠢᠬᠢᠷ᠂ ᠸᠢᠲ᠋ᠠᠮᠢᠨ᠂ ᠡᠷᠦᠳᠡᠰᠦ ᠪᠠ ᠰᠢᠪᠲᠦᠷᠲᠦ ᠬᠦᠴᠢᠯ ᠵᠡᠷᠭᠡ ᠶᠢ ᠠᠭᠤᠯᠳᠠᠭ᠃ ᠬᠦᠴᠦ ᠲᠠᠮᠢᠷ ᠰᠡᠯᠪᠢᠵᠦ᠂ ᠴᠤᠭ ᠵᠢᠪᠬᠤᠭ᠎ᠠ ᠶᠢ ᠰᠡᠷᠭᠦᠭᠡᠬᠦ ᠡᠮ ᠪᠣᠯᠤᠭᠰᠠᠨ᠋ ᠤ᠊ ᠬᠤᠪ᠊ ᠢ ᠲᠤ᠂ ᠡᠨᠧᠷᠭᠢ ᠶᠢᠨ ᠤᠮᠳᠠᠬᠠᠨ᠋ ᠨᠢ ᠵᠠᠯᠠᠭᠤᠴᠤᠳ᠋᠊ ᠤᠨ ᠪᠡᠭᠡᠷᠬᠠᠯ ᠢ᠊ ᠶᠡᠬᠡᠳᠡ ᠲᠠᠲᠠᠳᠠᠭ᠃    ᠰᠤᠳᠤᠯᠬᠠᠨ᠋ ᠤ᠊ ᠠᠵᠢᠯᠲᠠᠨ 18 - 35 ᠨᠠᠰᠤᠨ᠋ ᠤ᠊ 53266 ᠣᠷᠣᠯᠴᠠᠭᠰᠠᠳ᠋᠊ ᠤᠨ ᠲᠤᠭ᠎ᠠ ᠪᠠᠷᠢᠮᠲᠠ ᠶᠢ ᠠᠰᠢᠭᠯᠠᠵᠠᠢ᠃ ᠣᠷᠣᠯᠴᠠᠭᠰᠠᠳ ᠡᠨᠧᠷᠭᠢ ᠶᠢᠨ ᠤᠮᠳᠠᠬᠠᠨ ᠤᠤᠭᠤᠬᠤ ᠳᠠᠪᠲᠠᠮᠵᠢ ᠵᠢᠴᠢ ᠤᠨᠲᠠᠬᠤ ᠵᠠᠭᠪᠤᠷ ᠤᠨ ᠲᠤᠬᠠᠢ ᠨᠠᠷᠢᠨ ᠲᠣᠳᠣᠷᠬᠠᠢ ᠠᠰᠠᠭᠤᠯᠳ᠋᠊ ᠠ ᠲᠤ ᠬᠠᠨᠳᠤᠵᠤ᠂ ᠰᠥᠨᠢ ᠪᠦᠷᠢ ᠶᠢᠨ ᠶᠡᠷᠦᠩᠬᠡᠢ ᠤᠨᠲᠠᠬᠤ ᠴᠠᠭ ᠪᠣᠯᠣᠨ ᠬᠡᠪᠲᠡᠬᠦ ᠴᠠᠭ᠋ ᠢ᠊ ᠦᠨᠳᠦᠰᠦᠯᠡᠨ ᠤᠨᠲᠠᠬᠤ ᠨᠣᠷᠮ᠎ᠠ ᠶᠢ ᠪᠤᠳᠤᠨ᠎ᠠ᠃ ᠨᠢᠭᠡ ᠭᠠᠷᠠᠭ᠋ ᠲᠤ ᠠᠳᠠᠭ ᠪᠠᠭ᠎ᠠ ᠲᠠᠭᠠᠨ 3 ᠰᠥᠨᠢ ᠤᠨᠲᠠᠵᠤ ᠣᠷᠣᠬᠤ ᠦᠭᠡᠢ ᠪᠤᠶᠤ ᠡᠷᠲᠡ ᠪᠤᠰᠬᠤ᠂ ᠨᠢᠭᠡ ᠭᠠᠷᠠᠭ᠋ ᠲᠤ ᠠᠳᠠᠭ ᠪᠠᠭ᠎ᠠ ᠲᠠᠭᠠᠨ 3 ᠡᠳᠦᠷ ᠨᠢ ᠮᠠᠩᠰᠢᠭᠤᠷᠠᠬᠤ ᠪᠠ ᠶᠠᠳᠠᠷᠠᠵᠤ ᠴᠢᠯᠡᠭᠡᠷᠬᠡᠬᠦ᠂ ᠡᠨᠡ ᠮᠡᠳ᠋᠊ ᠦᠪᠠᠷ ᠨᠠᠬᠠᠲᠤ ᠵᠠᠬ᠎ᠠ ᠲᠠᠭᠠᠨ 3 ᠰᠠᠷ᠎ᠠ ᠦᠷᠭᠦᠯᠵᠢᠯᠡᠪᠡᠯ ᠨᠣᠶ᠋ᠢᠷ ᠬᠤᠯᠵᠢᠭᠰᠠᠨ᠋ ᠲᠤ ᠲᠣᠬᠠᠴᠢᠪᠠ᠃    ᠪᠠᠶ᠋ᠢᠴᠠᠬᠠᠯᠳ᠋᠊ ᠠ ᠪᠠᠷ ᠢᠯᠡᠷᠡᠭᠦᠯᠦᠭᠰᠡᠨ᠋ ᠨᠢ᠂ ᠡᠨᠧᠷᠭᠢ ᠶᠢᠨ ᠤᠮᠳᠠᠬᠠᠨ᠋ ᠤ᠊ ᠬᠡᠷᠡᠭᠯᠡᠭ᠊ ᠡ ᠲᠤ ᠬᠦᠢᠰᠦ ᠢᠯᠬᠠᠯ ᠤᠨ ᠢᠯᠡᠷᠬᠡᠢ ᠵᠥᠷᠢᠶ᠎ᠡ ᠣᠷᠣᠰᠢᠵᠤ ᠵᠢᠱᠢᠶᠡᠯᠡᠪᠡᠯ᠂ ᠡᠮᠡᠭᠲᠡᠶ᠋ᠢᠴᠦᠳ ᠡᠷᠡᠭᠲᠡᠶ᠋ᠢᠴᠦᠳᠠ᠋ ᠴᠠ ᠨᠠᠩ ᠴᠥᠭᠡᠨ ᠪᠤᠶᠤ ᠶᠡᠷ᠊ ᠦᠠ᠋ ᠴᠠ ᠡᠨᠧᠷᠭᠢ ᠶᠢᠨ ᠤᠮᠳᠠᠬᠠᠨ᠋ ᠢ᠊ ᠤᠤᠭᠤᠳᠠᠭ ᠦᠭᠡᠢ᠃ ᠡᠳᠡᠭᠡᠷ ᠤᠮᠳᠠᠬᠠᠨ᠋ ᠢ᠊ ᠦᠨᠡᠬᠡᠷ ᠤᠤᠭᠤᠵᠤ ᠥᠩᠭᠡᠷᠡᠭᠰᠡᠨ ᠭᠡᠵᠦ ᠬᠠᠷᠢᠭᠤᠯᠤᠭᠰᠠᠨ ᠬᠥᠮᠥᠰ ᠤᠨ ᠳᠣᠲᠣᠷ᠎ᠠ᠂ 5.5% ᠶᠢᠨ ᠡᠮᠡᠭᠲᠡᠶ᠋ᠢᠴᠦᠳ ᠭᠠᠷᠠᠭ ᠪᠦᠷᠢ 4 - 6 ᠤᠳᠠᠭ᠎ᠠ ᠤᠤᠭᠤᠵᠤ᠂ 3%᠎ᠠ ᠴᠠ ᠢᠯᠡᠭᠦᠦ ᠡᠮᠡᠭᠲᠡᠶ᠋ᠢᠴᠦᠳ ᠡᠳᠦᠷ ᠪᠦᠷᠢ ᠡᠶ᠋ᠢᠮᠦ ᠤᠮᠳᠠᠬᠠᠨ ᠤᠤᠭᠤᠳᠠᠭ ᠭᠡᠵᠡᠢ᠃ ᠡᠷᠡᠭᠲᠡᠶ᠋ᠢᠴᠦᠳ᠋᠊ ᠤᠨ ᠬᠠᠷᠢᠴᠠᠯ ᠲᠤᠭ᠎ᠠ ᠨᠢ ᠲᠤᠰᠪᠦᠷᠢ 8% ᠪᠠ 5% ᠪᠣᠯᠣᠨ᠎ᠠ᠃    ᠡᠨᠧᠷᠭᠢ ᠶᠢᠨ ᠤᠮᠳᠠᠬᠠᠨ᠋ ᠤ᠊ ᠬᠡᠷᠡᠭᠯᠡᠭᠡ ᠬᠢᠭᠡᠳ ᠤᠨᠲᠠᠬᠤ ᠴᠠᠭ ᠪᠠᠭ᠋ᠠᠰᠬᠤ ᠶᠢᠨ ᠬᠤᠭᠤᠷᠣᠨᠳᠤ ᠢᠯᠡᠷᠬᠡᠢ ᠲᠤᠰᠬᠠᠯ ᠤᠨ ᠬᠠᠷᠢᠴᠠᠭ᠎ᠠ ᠲᠠᠢ ᠪᠠᠶ᠋ᠢᠳᠠᠭ᠄ ᠡᠳᠦᠷ ᠪᠦᠷᠢ ᠤᠤᠭᠤᠳᠠᠭ ᠭᠡᠵᠦ ᠮᠡᠳᠡᠭᠦᠯᠦᠭᠰᠡᠨ ᠡᠷᠡᠭᠲᠡᠢ ᠡᠮᠡᠭᠲᠡ᠊ ᠢ ᠨᠢ ᠴᠥᠮ ᠬᠠᠶᠠ ᠵᠠᠷᠢᠮ ᠲᠠᠭᠠᠨ ᠤᠤᠭᠤᠳᠠᠭ ᠪᠤᠶᠤ ᠶᠡᠷ᠊ ᠦᠠ᠋ ᠴᠠ ᠤᠤᠭᠤᠳᠠᠭ ᠦᠭᠡᠢ ᠭᠡᠵᠦ ᠮᠡᠳᠡᠭᠦᠯᠦᠭᠰᠡᠨ ᠡᠷᠡᠭᠲᠡᠢ ᠡᠮᠡᠭᠲᠡ᠊ ᠡᠶ᠎ᠡ ᠴᠠ ᠬᠠᠭ᠋ᠠᠰ ᠴᠠᠭ ᠣᠷᠴᠢᠮ ᠳᠤᠲᠠᠭᠤ ᠤᠨᠲᠠᠳᠠᠭ᠃ ᠡᠨᠧᠷᠭᠢ ᠶᠢᠨ ᠤᠮᠳᠠᠬᠠᠨ᠋ ᠤ᠊ ᠬᠡᠷᠡᠭᠯᠡᠭᠡ ᠶᠢᠨ ᠨᠡᠮᠡᠭᠳᠡᠯ ᠨᠢ ᠨᠣᠶ᠋ᠢᠷ ᠮᠠᠭᠤᠲᠠᠬ᠊ ᠤᠲ᠋ᠠᠢ ᠰᠢᠭᠤᠳ ᠬᠤᠯᠪᠤᠭ᠎ᠠ ᠲᠠᠢ ᠪᠠᠶ᠋ᠢᠵᠤ᠂ ᠰᠥᠨᠢ ᠰᠡᠷᠢᠭᠦ ᠳᠠᠪᠲᠠᠮᠵᠢ ᠪᠠ ᠤᠨᠲᠠᠬ᠊ ᠤᠲ᠋ᠤ ᠬᠡᠷᠡᠭᠰᠡᠬᠦ ᠴᠠᠭ᠋ ᠨᠢ ᠬᠠᠷᠢᠴᠠᠩᠭᠤ᠋ ᠢ ᠪᠠᠷ ᠨᠡᠮᠡᠭᠳᠡᠳᠡᠭ᠃  
ᠢᠷᠡᠯᠲᠡ᠄ ᠠᠯᠠᠱᠠ ᠠᠢᠮᠠᠭ᠋ ᠤᠨ ᠵᠠᠬᠢᠷᠭ᠎ᠠ