ᠡᠯᠢᠭᠡ ᠦᠭᠡᠬᠦᠯᠡᠪᠡᠯ ᠶᠠᠬᠠᠬᠢᠬᠤ ᠪᠤᠢ
ᠨᠡᠶᠢᠲᠡᠯᠡᠭᠰᠡᠨ ᠴᠠᠭ᠄
2025/4/11
    ᠪᠡᠶ᠎ᠡ ᠪᠠᠨ ᠪᠠᠶ᠋ᠢᠴᠠᠬᠠᠬᠠᠳ ᠡᠯᠢᠭᠡ ᠦᠭᠡᠬᠦᠯᠡᠭᠰᠡᠨ ᠭᠡᠬᠦ ᠤᠨᠤᠰᠢᠯᠠᠯᠲᠠ ᠲᠤᠰᠴᠠᠢ᠂ ᠬᠤᠶ᠋ᠢᠰᠢᠳᠠ ᠠᠮᠢᠳᠤᠷᠠᠯ ᠲᠠᠭᠠᠨ ᠶᠠᠭᠤ ᠶᠢ ᠠᠩᠬᠠᠷᠬᠤ ᠵᠤᠬᠢᠰᠲᠠᠢ ᠪᠤᠢ︖ ᠪᠡᠭᠡᠵᠢᠩ᠊ ᠤᠨ ᠳ᠋ᠢ ᠲᠠᠨ ᠡᠮᠨᠡᠯᠭᠡ ᠶᠢᠨ ᠬᠤᠷᠢᠶᠠᠨ᠋ ᠤ᠊ ᠡᠯᠢᠭᠡᠨ ᠡᠪᠡᠳᠴᠢᠨ᠋ ᠤ᠊ ᠲᠥᠪ᠊ ᠤᠨ ᠳᠡᠳ᠋ ᠡᠷᠬᠢᠯᠡᠭᠴᠢ ᠡᠮᠴᠢ ᠯᠢᠦ ᠷᠦ ᠢᠦᠢ᠄ ᠡᠯᠢᠭᠡ ᠥᠭᠡᠬᠦᠯᠡᠬᠦ ᠪᠣᠯ ᠡᠯ᠎ᠡ ᠵᠦᠢᠯ ᠤᠨ ᠰᠢᠯᠲᠠᠬᠠᠨ᠎ᠠ ᠴᠠ ᠪᠣᠯᠤᠭᠰᠠᠨ ᠡᠯᠢᠭᠡᠨ ᠡᠰ ᠤᠨ ᠳᠣᠲᠣᠷ᠎ᠠ ᠥᠭᠡᠬᠦ ᠬᠡᠲᠦ ᠣᠪᠣᠬᠠᠷᠠᠭᠰᠠᠨ ᠡᠪᠡᠳᠴᠢᠨ᠋ ᠤ᠊ ᠬᠤᠪᠢᠷᠠᠯᠲᠠ ᠮᠥᠨ᠃ ᠣᠯᠠᠩᠬᠢ ᠥᠭᠡᠬᠦᠯᠡᠭᠰᠡᠨ ᠡᠯᠢᠭᠡᠨ᠋ ᠤ᠊ ᠡᠪᠡᠳᠴᠢᠲᠡᠨ ᠡᠪᠡᠳᠴᠢᠨ᠋ ᠤ᠊ ᠢᠯᠡᠷᠡᠯ ᠦᠭᠡᠢ ᠪᠣᠯᠬᠤᠷ ᠬᠥᠮᠥᠰ ᠤᠨ ᠠᠩᠬᠠᠷᠤᠯ ᠲᠤ ᠠᠮᠠᠷᠬᠠᠨ ᠬᠦᠷᠳᠡᠭ ᠦᠭᠡᠢ᠂ ᠭᠡᠪᠡᠴᠦ ᠭᠡᠮᠲᠦᠯ ᠰᠢᠷᠬᠠᠳᠤᠯ ᠨᠢ ᠪᠠᠶ᠋ᠢᠩᠭᠤ ᠣᠷᠣᠰᠢᠵᠤ᠂ ᠡᠪᠡᠳᠴᠢᠨ᠋ ᠤ᠊ ᠢᠯᠡᠷᠡᠯ ᠭᠠᠷᠤᠮᠠᠭᠴᠠ ᠡᠯᠢᠭᠡᠨ᠋ ᠤ᠊ ᠠᠵᠢᠯᠯᠠᠭ᠎ᠠ ᠨᠢ ᠡᠳᠦᠷ ᠲᠤᠲᠤᠮ ᠤᠨ ᠦᠨᠳᠦᠰᠦᠨ ᠠᠵᠢᠯᠯᠠᠭ᠎ᠠ ᠶᠢ ᠳᠠᠬᠠᠬᠠᠵᠤ ᠳᠡᠶ᠋ᠢᠯᠬᠦ ᠦᠭᠡᠢ ᠪᠤᠯᠲᠠᠯ᠎ᠠ ᠲᠤᠷᠦ᠋ᠢᠲᠠᠭᠰᠠᠨ ᠪᠠᠶ᠋ᠢᠵᠤ ᠮᠡᠳᠡᠨ᠎ᠡ ᠭᠡᠰᠡᠨ ᠬᠠᠷᠢᠭᠤᠯᠳᠠ ᠦᠭᠴᠡᠢ᠃    ᠡᠯᠢᠭᠡ ᠥᠭᠡᠬᠦᠯᠡᠭ᠊ ᠦ᠊ ᠨᠢ ᠮᠠᠷᠢᠶ᠎ᠠ ᠲᠠᠢ ᠬᠦᠮᠦᠨ᠋ ᠲᠤ ᠯᠡ ᠲᠤᠬᠢᠶᠠᠯᠳᠤᠳᠠᠭ ᠪᠢᠰᠢ᠂ ᠲᠡᠭᠦᠨ᠋ ᠤ᠊ ᠡᠭᠦᠰᠦᠯ ᠨᠢ ᠣᠯᠠᠨ ᠵᠦᠢᠯ ᠤᠨ ᠡᠯᠧᠮᠧᠨ᠋ᠲᠲ᠋ᠠᠢ ᠬᠤᠯᠪᠣᠭ᠎ᠠ  ᠲᠠᠢ ᠪᠠᠶ᠋ᠢᠳᠠᠭ᠎ᠠ ᠴᠠ ᠵᠠᠷᠢᠮ ᠬᠥᠮᠥᠰ ᠤᠨ ᠪᠡᠶ᠎ᠡ ᠶᠢᠨ ᠬᠦᠨᠳ᠋᠊ ᠦ᠊ ᠨᠢ ᠬᠡᠪ᠊ ᠤᠨ ᠪᠠᠶ᠋ᠢᠭᠰᠠᠨ ᠴᠤ᠋ ᠡᠯᠢᠭᠡ ᠥᠭᠡᠬᠦᠯᠡᠭᠰᠡᠨ ᠭᠡᠰᠡᠨ ᠤᠨᠤᠰᠢᠯᠠᠯᠲᠠ ᠠᠪᠳᠠᠭ᠋ ᠤᠨ ᠤᠴᠢᠷ ᠰᠢᠯᠲᠠᠬᠠᠨ ᠪᠣᠯᠣᠨ᠎ᠠ᠃ ᠡᠶ᠋ᠢᠮᠦᠷᠬᠦᠦ ᠬᠥᠮᠥᠰ ᠲᠤ ᠠᠪᠴᠤ ᠬᠡᠯᠡᠪᠡᠯ᠂ ᠠᠷᠢᠬᠢ ᠤᠤᠭᠤᠳᠠᠭ ᠡᠰᠡᠬᠦ᠂ ᠡᠯᠢᠭᠡ ᠶᠢ ᠭᠡᠮᠲᠦᠭᠡᠬᠦ ᠡᠮ ᠬᠡᠷᠡᠭᠯᠡᠭᠰᠡᠨ ᠡᠰᠡᠬᠦ᠂ ᠬᠤᠭᠤᠯᠠ ᠭᠤᠯᠣᠬᠤ᠂ ᠰᠢᠮ᠎ᠡ ᠲᠡᠵᠢᠭᠡᠯ ᠳᠤᠲᠠᠭᠳᠠᠭᠰᠠᠨ ᠵᠡᠷᠭᠡ ᠠᠰᠠᠭᠤᠳᠠᠯ ᠣᠷᠣᠰᠢᠵᠤ ᠪᠠᠶ᠋ᠢᠬᠤ ᠡᠰᠡᠬᠦ ᠶᠢ ᠣᠶ᠋ᠢᠯᠠᠬᠠᠬᠤ ᠬᠡᠷᠡᠭᠲᠡᠢ᠃ ᠡᠯᠢᠭ᠊ ᠡ ᠪᠠᠨ ᠬᠠᠮᠠᠬᠠᠯᠠᠬᠤ ᠶᠢᠨ ᠲᠤᠯᠠᠳᠠ ᠪᠢᠳᠡ ᠢᠳᠡᠭᠡᠨ ᠤᠮᠳᠠᠬᠠᠨ᠋ ᠤ᠊ ᠳᠠᠳᠬᠠᠯ ᠵᠶᠠᠨ ᠬᠤᠪᠢᠷᠠᠭᠤᠯᠵᠤ᠂ ᠲᠣᠰᠣᠯᠢᠭ᠂ ᠥᠭᠡᠬᠦ ᠶᠡᠬᠡᠲᠡᠢ᠂ ᠡᠨᠧᠷᠭᠢ ᠶᠡᠬᠡᠲᠡᠢ ᠤᠭᠤᠷᠠᠭ ᠪᠠᠭ᠋ᠠᠲᠠᠢ ᠢᠳᠡᠭᠡᠨ ᠤᠮᠳᠠᠬᠠᠨ᠋ ᠢ᠊ ᠴᠡᠭᠡᠷᠯᠡᠬᠦ ᠶᠢ ᠰᠠᠨᠠᠭᠤᠯᠵᠤ ᠪᠠᠶ᠋ᠢᠨ᠎ᠠ︔ ᠪᠡᠶ᠎ᠡ ᠪᠣᠯᠪᠠᠰᠤᠷᠠᠬᠤ ᠪᠠ ᠮᠠᠷᠢᠶ᠎ᠠ ᠪᠠᠨ ᠰᠢᠭᠤᠷᠠᠭᠤᠯᠤᠨ᠎ᠠ︔ ᠠᠷᠢᠬᠢ ᠴᠡᠭᠡᠷᠯᠡᠨ᠎ᠡ︔ ᠡᠮ ᠢ᠊ ᠳᠤᠷ᠎ᠠ ᠪᠠᠷ ᠬᠡᠷᠡᠭᠯᠡᠬᠦ ᠦᠭᠡᠢ᠃    ᠡᠯᠢᠭᠡ ᠥᠭᠡᠬᠦᠯᠡᠬᠦ ᠶᠢ ᠵᠠᠰᠠᠳᠠᠭ ᠡᠷᠡᠭᠦᠯᠵᠢᠯ ᠤᠨ ᠡᠮ ᠢ᠊ ᠬᠡᠷᠡᠭᠯᠡᠭ᠊ ᠦᠲ᠋ᠡᠭᠡᠨ ᠪᠤᠯᠭᠤᠮᠵᠢᠲᠠᠢ ᠪᠠᠶ᠋ᠢᠬᠠᠷᠠᠢ᠃ ᠡᠮᠲᠦ ᠪᠣᠳᠠᠰ ᠤᠨ ᠣᠯᠠᠩᠭ᠍᠊ ᠢ ᠨᠢ ᠡᠯᠢᠭᠡᠨ᠋ ᠤ᠊ ᠰᠣᠯᠢᠯᠴᠠᠭ᠎ᠠ ᠪᠠᠷ ᠳᠠᠮᠵᠢᠳᠠᠭ᠎ᠠ ᠴᠠ ᠳᠤᠷ᠎ᠠ ᠪᠠᠷ ᠵᠶᠠᠨ ᠡᠮ ᠬᠡᠷᠡᠭᠯᠡᠪᠡᠯ ᠡᠯᠢᠭᠡᠨ᠋ ᠤ᠊ ᠠᠴᠢᠶᠠᠯᠠᠯ ᠢ᠊ ᠬᠦᠨᠳᠦᠷᠡᠭᠦᠯᠤᠨ᠎ᠡ᠃ ᠬᠡᠷᠪᠡ ᠠᠮᠢᠨᠤ᠋ ᠰᠢᠯᠵᠢᠭᠦᠯᠬᠦ ᠢᠰᠭᠡᠭᠦᠷ ᠤᠨ ᠬᠡᠮᠵᠢᠶ᠎ᠡ ᠪᠠᠭᠤᠷᠠᠬᠤ ᠦᠭᠡᠢ ᠪᠠᠶ᠋ᠢᠪᠠᠯ ᠡᠮᠴᠢ ᠶᠢᠨ ᠵᠢᠯᠣᠭᠤᠳᠤᠯᠭ᠎ᠠ ᠪᠠᠷ ᠡᠮ ᠢ᠊ ᠵᠣᠬᠢᠰᠲᠠᠢ ᠬᠡᠷᠡᠭᠯᠡᠵᠦ ᠵᠠᠰᠠᠨ᠎ᠠ᠃  
ᠢᠷᠡᠯᠲᠡ᠄ ᠠᠯᠠᠱᠠ ᠠᠢᠮᠠᠭ᠋ ᠤᠨ ᠵᠠᠬᠢᠷᠭ᠎ᠠ‍