ᠴᠠᠬᠢᠯᠬᠠᠨ ᠬᠤᠯᠪᠤᠭ᠎ᠠ ᠰᠦᠯᠵᠢᠶᠡᠨ᠋ ᠤ᠊ ᠮᠡᠬᠡᠯᠡᠯ ᠤᠨ ︽ᠪᠠᠭ᠋ᠠᠵᠢ︾ ᠪᠤᠯᠬ᠊ ᠤᠠ᠋ ᠴᠠ ᠬᠢᠴᠢᠶᠡᠭᠡᠷᠡᠢ
ᠨᠡᠶᠢᠲᠡᠯᠡᠭᠰᠡᠨ ᠴᠠᠭ᠄
2025/4/11
    ᠪᠦᠬᠦ ᠨᠡᠶ᠋ᠢᠬᠡᠮ ᠲᠠᠶᠠᠬᠠᠷ ᠤᠨ ᠠᠩᠬᠠᠷᠤᠯ ᠢ᠊ ᠳᠠᠳᠠᠬᠰᠠᠨ ᠴᠠᠬᠢᠯᠬᠠᠨ ᠬᠤᠯᠪᠤᠭ᠎ᠠ ᠰᠦᠯᠵᠢᠶᠡᠨ᠋ ᠤ᠊ ᠮᠡᠬᠡᠯᠡᠯ ᠤᠨ ᠶᠠᠯᠠᠳᠤ ᠠᠵᠢᠯᠯᠠᠭ᠎ᠠ ᠲᠤ ᠲᠤᠳᠤᠬᠠᠳᠤ ᠶᠢ ᠬᠠᠮᠠᠬᠠᠯᠠᠬᠤ ᠪᠠᠶ᠋ᠢᠭᠤᠯᠭ᠎ᠠ ᠵᠢᠨ᠋ ᠬᠢᠨ ᠴᠢᠩᠭ᠎ᠠ ᠬᠦᠴᠦᠳᠡᠢ ᠴᠤᠬᠢᠯᠳᠠ ᠦᠭᠴᠦ ᠪᠠᠶ᠋ᠢᠭ᠎ᠠ ᠴᠦ ᠬᠡᠰᠡᠨ ᠲᠤᠰ ᠲᠦᠷᠦᠯ ᠤᠨ ᠮᠡᠬᠡᠯᠡᠯ ᠮᠦᠨ ᠬᠦ ᠪᠠᠶ᠋ᠢᠨ ᠲᠠᠬᠢᠨ ᠡᠬᠦᠰᠴᠦ ᠯᠡ ᠪᠠᠶ᠋ᠢᠨ᠎ᠠ᠃ ᠡᠬᠦᠨ᠋ ᠲᠤ ᠴᠠᠬᠢᠯᠬᠠᠨ ᠬᠤᠯᠪᠤᠭ᠎ᠠ ᠰᠦᠯᠵᠢᠶᠡᠨ᠋ ᠤ᠊ ᠮᠡᠬᠡᠯᠡᠯ ᠤᠨ ᠭᠤᠤᠯ ᠮᠡᠬᠡᠯᠡᠭᠴᠢᠳᠠ᠋ ᠴᠠ ᠭᠠᠳᠠᠨ᠎ᠠ ᠪᠠᠰᠠ ᠲᠡᠳᠡᠨ᠋ ᠤ᠊ ︽ᠪᠠᠭ᠋ᠠᠵᠢ︾ ᠪᠤᠯᠤᠬᠰᠠᠳ ᠴᠦ ᠪᠠᠭ᠎ᠠ ᠪᠤᠰᠤ ᠦᠢᠯᠡᠳᠦᠯ ᠦᠵᠡᠬᠦᠯᠵᠦ ᠪᠤᠢ᠃ ᠶᠠᠭᠤ ᠶᠢ ᠴᠠᠬᠢᠯᠬᠠᠨ ᠬᠤᠯᠪᠤᠭ᠎ᠠ ᠰᠦᠯᠵᠢᠶᠡᠨ᠋ ᠤ᠊ ᠮᠡᠬᠡᠯᠡᠯ ᠤᠨ ︽ᠪᠠᠭ᠋ᠠᠵᠢ︾ ᠬᠡᠬᠦ ᠪᠤᠢ︖ ᠴᠠᠬᠢᠯᠬᠠᠨ ᠬᠤᠯᠪᠤᠭ᠎ᠠ ᠰᠦᠯᠵᠢᠶᠡᠨ᠋ ᠤ᠊ ᠮᠡᠬᠡᠯᠡᠯ ᠤᠨ ᠶᠠᠯᠠᠳᠤ ᠠᠵᠢᠯᠯᠠᠭ᠎ᠠ ᠲᠤ ᠵᠠᠷᠢᠮ ᠬᠦᠮᠦᠨ ᠲᠤᠯᠤᠬᠠᠢ ᠦᠨᠳᠡᠶ᠋ᠢᠯ ᠦᠬᠡᠢ ᠪᠠᠰᠢᠷ ᠮᠡᠭᠡ ᠭᠠᠷᠬᠠᠵᠦ᠂ ᠪᠤᠰᠤᠳ᠋᠊ ᠢ᠊ ᠮᠡᠬᠡᠯᠡᠭ᠊ ᠦᠪᠠᠷ ᠪᠡᠯᠡᠳᠬᠡᠨ᠎ᠡ︔ ᠵᠠᠷᠢᠮ ᠨᠢ ᠠᠮᠠ ᠬᠠᠮᠬᠢᠯ ᠦᠬᠡᠢ ᠤᠳᠠᠰᠤᠳᠠᠨ ᠬᠦᠮᠦᠰ ᠢ᠊ ᠮᠡᠬᠡᠯᠡᠯ ᠤᠨ ︽ᠤᠨᠠᠭᠤᠯᠢ︾ ᠳᠡᠶ᠋ᠢᠰᠢ ᠳᠠᠳᠠᠨ᠎ᠠ︔ ᠪᠠᠰᠠ ᠵᠠᠷᠢᠮ ᠨᠢ ᠭᠤᠶᠤ ᠬᠡᠦᠬᠡᠨ ᠵᠶᠠᠷ ᠤᠪᠯᠠᠨ ᠵᠤᠭᠤᠬ ᠳᠡᠯᠭᠡᠵᠦ ᠮᠡᠬᠡᠯᠡᠯ ᠶᠠᠪᠤᠭᠤᠯᠤᠨ᠎ᠠ ᠁    ᠡᠳᠡᠬᠡᠷ ᠴᠠᠬᠢᠯᠬᠠᠨ ᠬᠤᠯᠪᠤᠭ᠎ᠠ ᠰᠦᠯᠵᠢᠶᠡᠨ᠋ ᠤ᠊ ᠮᠡᠬᠡᠯᠡᠯ ᠤᠨ ︽ᠪᠠᠭ᠋ᠠᠵᠢ︾ ᠪᠤᠯᠤᠬᠰᠠᠳ᠋᠊ ᠤᠨ ᠠᠵᠢᠯ ᠤᠨ ᠬᠤᠪᠢᠶᠠᠷᠢᠯᠠᠯ ᠨᠢ ᠲᠤᠳᠤᠷᠬᠠᠢ᠂ ᠵᠤᠬᠢᠶᠠᠨ ᠪᠠᠶ᠋ᠢᠭᠤᠯᠤᠯᠳ᠋᠊ ᠠ ᠨᠢ ᠨᠢᠭᠲᠠ ᠴᠢᠩᠭ᠎ᠠ ᠪᠠᠶ᠋ᠢᠳᠠᠭ᠃ ᠡᠳᠡᠬᠡᠷ ᠮᠡᠬᠡᠯᠡᠯ ᠤᠨ ︽ᠪᠠᠭ᠋ᠠᠵᠢ︾ ᠪᠤᠯᠤᠬᠰᠡᠳᠠ᠋ ᠴᠠ ᠭᠠᠳᠠᠨ᠎ᠠ᠂ ᠪᠠᠰᠠ ᠬᠡᠳᠦᠨ ᠵᠠᠭᠤᠨ ᠲᠥᠭᠦᠷᠢᠭ᠌ ᠤᠨ ᠲᠥᠯᠥᠭᠡ ᠥᠪᠡᠷ ᠤᠨ ᠪᠠᠩᠬᠢ ᠶᠢᠨ ᠺᠠᠷᠲ᠂ ᠭᠠᠷ ᠤᠲᠠᠰᠤᠨ᠋ ᠤ᠊ ᠺᠠᠷᠲ ᠪᠤᠶᠤ ᠵᠢᠷᠬᠢᠶ᠎ᠡ᠂ QQ ᠶᠢᠨ ᠨᠣᠮᠧᠷ ᠵᠶᠠᠨ ᠲᠦᠷᠢᠶᠡᠰᠦᠯᠡᠨ ᠬᠤᠳᠠᠯᠳᠤᠬᠤ᠂ ᠲᠤᠰᠢᠶᠠᠯ ᠬᠠᠪᠰᠤᠷᠬᠠᠬᠤ ᠠᠵᠢᠯ ᠬᠢᠵᠦ᠂ ᠵᠢᠵᠢᠭ ᠪᠡᠯᠡᠭ ᠬᠦᠷᠭᠡᠭ᠊ ᠦᠪᠠᠷ ᠥᠭᠶᠥᠭᠡ ᠪᠣᠯᠬᠠᠨ ᠬᠥᠮᠥᠰ ᠢ᠊ ᠲᠠᠲᠠᠬᠤ᠂ ᠭᠠᠷ ᠤᠳᠠᠰᠤᠨ᠋ ᠤ᠊ ᠲᠤᠬᠠᠢ ᠮᠡᠷᠭᠡᠵᠢᠯ ᠤᠨ ᠦᠢᠯᠡᠴᠢᠯᠡᠭᠡ ᠬᠠᠩᠬᠠᠬᠤ ᠵᠡᠷᠭᠡ ᠨᠢᠭᠡ ᠪᠦᠯᠦᠭ ᠬᠥᠮᠥᠰ ᠮᠥᠨ ᠴᠢᠨᠠᠷ ᠤᠨ ᠮᠡᠬᠡᠯᠡᠯ ᠤᠨ ᠭᠤᠭᠴᠤᠭ᠎ᠠ ᠲᠤ ᠰᠢᠭᠤᠳ ᠣᠷᠣᠯᠴᠠᠭᠰᠠᠨ ᠦᠭᠡᠢ ᠪᠤᠯᠪᠠᠴᠦ ᠴᠠᠬᠢᠯᠬᠠᠨ ᠬᠤᠯᠪᠤᠭ᠎ᠠ ᠰᠦᠯᠵᠢᠶᠡᠨ᠋ ᠤ᠊ ᠮᠡᠬᠡᠯᠡᠯ ᠤᠨ ᠮᠡᠬᠡᠯᠡᠭᠴᠢᠳ᠋ᠲ᠋ᠤ ᠳᠠᠮ ᠵᠶᠠᠷ ᠬᠠᠪᠰᠤᠷᠤᠮᠵᠢ ᠬᠠᠩᠬᠠᠵᠤ᠂ ᠮᠦᠨ ᠬᠦ ᠮᠡᠬᠡᠯᠡᠭᠴᠢ ᠶᠢᠨ ︽ᠪᠠᠭ᠋ᠠᠵᠢ︾ ᠪᠤᠯᠳᠠᠭ᠃ ᠤᠶ᠋ᠢᠷ᠎ᠠ ᠶᠢᠨ ᠵᠢᠯ᠎ᠠ ᠴᠠ ᠨᠠᠬᠠᠰᠢ᠂ ᠬᠢᠯᠢ ᠶᠢᠨ ᠭᠠᠳᠠᠨᠠᠬᠢ ᠮᠡᠬᠡᠯᠡᠭᠴᠢᠳ ︽ᠦᠨᠳᠦᠷ ᠴᠠᠯᠢᠩ ᠵᠶᠠᠷ ᠠᠵᠢᠯᠳᠡᠨ ᠡᠯᠰᠡᠬᠦ︾ ᠨᠡᠷ᠎ᠡ ᠪᠠᠷ ᠮᠡᠬᠡᠯᠡᠯ ᠤᠨ ︽ᠪᠠᠭ᠋ᠠᠵᠢ︾ ᠡᠷᠢᠵᠦ ᠪᠤᠢ᠃    ᠵᠠᠷᠢᠮ ᠬᠦᠮᠦᠰ ᠤᠬᠤᠷᠬᠠᠨ ᠬᠤᠭᠤᠴᠠᠬᠠᠨ᠋ ᠲᠤ ᠶᠡᠭᠡ ᠵᠤᠭᠤᠰ ᠤᠯᠬᠤ ᠪᠤᠳᠤᠯ ᠢ᠊ ᠡᠪᠦᠷᠯᠡᠨ ᠮᠡᠬᠡᠯᠡᠭᠴ᠊ ᠢ ᠲᠤ ᠲᠠᠳᠠᠬᠳᠠᠨ᠂ ᠵᠠᠷᠢᠮ ᠨᠢ ᠡᠨᠡ ᠠᠵᠢᠯ ᠨᠢ ᠲᠦᠪ ᠪᠤᠰᠤ ᠬᠡᠳᠠᠭ᠋ ᠢ᠊ ᠮᠡᠳᠡᠵᠦ ᠪᠠᠶ᠋ᠢᠬᠰᠠᠨ ᠴᠦ ᠠᠮᠠᠷᠬᠠᠨ ᠵᠤᠭᠤᠰ ᠤᠯᠬᠤ ᠶᠢᠨ ᠲᠤᠯᠠᠳᠠ ᠮᠡᠬᠡᠯᠡᠭᠴᠢᠳ᠋᠊ ᠤᠨ ︽ᠪᠠᠭ᠋ᠠᠵᠢ︾ ᠪᠤᠯᠳᠠᠬ᠃ ᠴᠠᠬᠢᠯᠬᠠᠨ ᠬᠤᠯᠪᠤᠭ᠎ᠠ ᠰᠦᠯᠵᠢᠶᠡᠨ᠋ ᠤ᠊ ᠮᠡᠬᠡᠯᠡᠯ ᠤᠨ ︽ᠪᠠᠭ᠋ᠠᠵᠢ︾ ᠪᠤᠯᠤᠬᠰᠠᠳ ᠬᠦᠬᠡᠷᠦᠬᠦ᠋ᠯᠡᠯᠳᠡᠢ ᠪᠦᠬᠡᠳ ᠭᠤᠨᠢᠬᠯᠠᠯᠳᠠᠢ ᠶᠤᠮ᠃ ᠳᠡᠳᠡᠨᠡᠷ ᠦᠨᠡᠨ᠋ ᠲᠡᠭᠡᠨ ᠬᠠᠮᠤᠬ ᠤᠨ ᠪᠠᠭ᠎ᠠ ᠵᠤᠭᠤᠰ ᠤᠯᠵᠤ᠂ ᠬᠠᠮᠤᠬ ᠤᠨ ᠮᠠᠭᠤ ᠨᠡᠷ᠎ᠡ ᠶᠢ ᠵᠡᠬᠦᠵᠦ᠂ ᠦᠪᠡᠷ ᠪᠤᠰᠤᠳ᠋᠊ ᠢ᠊ ᠬᠤᠤᠷᠯᠠᠳᠠᠬ᠃ ᠮᠡᠬᠡᠯᠡᠭᠴᠢᠳ ︽ᠪᠠᠭ᠋ᠠᠵᠢ︾ ᠬᠡᠷᠡᠭᠯᠡᠵᠦ ᠪᠠᠶ᠋ᠢᠭ᠎ᠠ ᠨᠢ ᠳᠡᠳᠡᠨ᠋ ᠢ᠊ ᠠᠰᠢᠬᠯᠠᠨ ᠦᠪᠡᠰᠦᠪᠠᠨ ᠶᠡᠭᠡ ᠵᠤᠭᠤᠰ ᠤᠯᠬᠤ ᠶᠢ ᠪᠤᠳᠤᠵᠦ ᠪᠠᠶ᠋ᠢᠭ᠎ᠠ ᠪᠦᠭᠡᠳ ᠬᠡᠷᠡᠭ ᠡᠭᠦᠰᠬᠦ ᠠᠶᠤᠯ ᠲᠦᠭᠰᠢᠬᠦᠷ᠊ ᠢ ᠪᠠᠨ ᠪᠠᠭᠤᠷᠠᠭᠤᠯᠬᠤ ᠪᠤᠶᠦ ᠵᠠᠶ᠋ᠢᠯᠠᠭᠤᠯᠵᠦ ᠪᠠᠶ᠋ᠢᠭ᠎ᠠ ᠶᠠᠪᠤᠳᠠᠯ ᠳᠡᠳᠦᠢ ᠶᠤᠮ᠃ ᠰᠦᠯᠵᠢᠶᠡᠨ ᠳᠡᠭᠡᠷᠡᠬᠢ ᠮᠡᠳᠡᠭᠡ ᠵᠠᠩᠭᠢ ᠡᠮᠬᠢ ᠵᠠᠮᠪᠠᠷᠠᠭ᠎ᠠ ᠦᠭᠡᠢ᠂ ᠦᠳᠦᠭᠡᠭᠳᠡᠨ ᠲᠠᠳᠠᠬᠳᠠᠬᠤ ᠵᠦᠢᠯ ᠮᠠᠰᠢ ᠤᠯᠠᠨ᠂ ᠪᠢᠳᠡ ᠡᠷᠬᠡᠪᠰᠢ ᠬᠢᠴᠢᠶᠡᠨ ᠪᠣᠯᠭᠤᠮᠵᠢᠯᠠᠵᠤ᠂ ᠨᠠᠷᠢᠨ ᠬᠢᠨᠠᠮᠠᠬᠠᠢ ᠢᠯᠬᠠᠨ ᠲᠣᠳᠣᠯᠠᠵᠤ᠂ ᠵᠤᠷᠢᠬᠳᠠ᠊ ᠢ ᠪᠠᠷ ᠢᠯᠡᠴᠢᠯᠡᠨ ᠮᠡᠳᠡᠬᠦᠯᠵᠦ᠂ ᠴᠠᠬᠢᠯᠬᠠᠨ ᠬᠤᠯᠪᠤᠭ᠎ᠠ ᠰᠦᠯᠵᠢᠶᠡᠨ᠋ ᠤ᠊ ᠮᠡᠬᠡᠯᠡᠯ ᠲᠤ ᠴᠢᠩᠭ᠎ᠠ ᠴᠤᠬᠢᠯᠳᠠ ᠦᠭᠬᠦ ᠴᠢᠬᠤᠯᠠᠳᠠᠢ᠃    ᠴᠠᠬᠢᠯᠬᠠᠨ ᠬᠤᠯᠪᠤᠭ᠎ᠠ ᠰᠦᠯᠵᠢᠶᠡᠨ᠋ ᠤ᠊ ᠮᠡᠬᠡᠯᠡᠯ ᠲᠤ ᠴᠣᠬᠢᠯᠲᠠ ᠥᠭᠭ᠊ ᠦᠲ᠋ᠤ ᠬᠦᠮᠦᠨ ᠪᠦᠬᠦᠨ ᠬᠠᠷᠢᠭᠤᠴᠠᠯᠭ᠎ᠠ ᠲᠠᠢ᠃ ᠪᠦᠬᠦ ᠠᠷᠠᠳ᠋ᠲ᠋ᠤ ᠮᠡᠬᠡᠯᠡᠯ ᠢ᠊ ᠰᠡᠷᠭᠡᠶ᠋ᠢᠯᠡᠬᠦ ᠤᠬᠠᠭᠤᠯᠭ᠎ᠠ ᠬᠦᠮᠦᠵᠢᠯ ᠤᠨ ᠠᠵᠢᠯ ᠢ᠊ ᠰᠠᠶ᠋ᠢᠳᠤᠷ ᠬᠢᠵᠦ᠂ ᠬᠡᠦᠬᠡᠳ ᠪᠠᠭ᠋ᠠᠴᠤᠳ᠂ ᠤᠶᠤᠳᠠᠨ᠂ ᠦᠳᠡᠭᠦᠰ ᠨᠠᠰᠤᠳᠠᠨ ᠵᠡᠷᠬᠡ ᠭᠤᠤᠯᠳᠠᠯᠭ᠎ᠠ ᠲᠠᠢ ᠬᠦᠮᠦᠰ ᠲᠤ ᠠᠩᠬᠠᠷᠤᠯ ᠵᠶᠠᠨ ᠬᠠᠨᠳᠤᠭᠤᠯᠤᠨ᠂ ᠢᠳᠡᠪᠬᠢᠳᠡ᠊ ᠢ ᠪᠠᠷ ᠬᠡᠷᠡᠭ ᠵᠶᠠᠷ ᠬᠠᠤᠯᠢ ᠶᠢ ᠲᠠᠶ᠋ᠢᠯᠪᠤᠷᠢᠯᠠᠨ᠂ ᠬᠡᠷᠡᠭ ᠵᠶᠠᠷ ᠬᠠᠤᠯᠢ ᠶᠢ ᠲᠦᠬᠡᠮᠡᠯᠵᠢᠬᠦᠯᠦᠨ᠂ ᠨᠡᠩ ᠤᠯᠠᠨ ᠬᠦᠮᠦᠨ᠋ ᠲᠤ ᠬᠠᠤᠯᠢᠵᠢᠯ ᠤᠨ ᠤᠶ᠋ᠢᠯᠠᠬᠠᠬᠳᠠᠬᠤᠨ ᠵᠶᠠᠨ ᠴᠢᠩᠬᠠᠳᠬᠠᠬᠤ ᠶᠢ ᠰᠠᠨᠠᠭᠤᠯᠤᠨ᠂ ᠦᠵᠡᠯ ᠤᠬᠠᠮᠰᠠᠷ ᠵᠶᠠᠨ ᠲᠡᠭᠡᠭᠰᠢᠯᠡᠬᠦᠯᠭ᠊ ᠦ᠊ ᠨᠢ ᠳᠤᠩ ᠴᠢᠬᠤᠯᠠ᠃
ᠢᠷᠡᠯᠲᠡ᠄ ᠬᠦᠯᠦᠨ ᠪᠦᠢᠷ ᠬᠤᠲᠠ ᠶᠢᠨ ᠠᠷᠠᠳ ᠤᠨ ᠵᠠᠰᠠᠭ ᠤᠨ ᠣᠷᠳᠤᠨ