ᠵᠢᠯ ᠪᠣᠯᠭᠠᠨ ᠤ 4 ᠰᠠᠷ᠎ᠠ ᠶᠢᠨ 22 ᠤᠨ ᠡᠳᠦᠷ ᠪᠣᠯ ︽ᠳᠡᠯᠡᠬᠡᠢ ᠶᠢᠨ ᠪᠥᠮᠪᠥᠷᠴᠡᠭ ᠢ ᠬᠠᠮᠠᠭᠠᠯᠠᠬᠤ ᠡᠳᠦᠷ︾ ᠪᠣᠯᠣᠨ᠎ᠠ᠃ ᠡᠶᠢᠨ ᠬᠦ ᠳᠡᠯᠡᠬᠡᠢ ᠶᠢᠨ | ᠪᠥᠮᠪᠥᠷᠴᠡᠭ ᠤᠨ ᠡᠳᠦᠷ ᠲᠤ ᠵᠣᠷᠢᠭᠤᠯᠤᠨ ᠳᠡᠯᠡᠬᠡᠢ ᠶᠢᠨ ᠪᠥᠮᠪᠥᠷᠴᠡᠭ ᠢᠶᠠᠨ ᠳᠡᠯᠭᠡᠵᠦ ᠶᠠᠷᠢᠬᠤ ᠨᠢ ᠴᠦ ᠵᠦᠢᠲᠡᠢ ᠪᠤᠶᠤ᠃ | ᠨᠡᠯᠦᠭᠡᠷ ᠶᠡᠭᠡ ᠣᠷᠴᠢᠯᠠᠩ ᠤᠨ ᠵᠠᠢ ᠳᠤ ᠳᠡᠯᠡᠬᠡᠢ ᠶᠢᠨ ᠪᠥᠮᠪᠥᠷᠴᠡᠭ ᠪᠣᠯ ᠥᠨᠥᠴᠢᠨ ᠵᠠᠪᠢ ᠥᠴᠥᠬᠡᠨ ᠣᠩᠭᠤᠴᠠ ᠲᠡᠳᠦᠢ ᠵᠢᠵᠢᠭᠬᠡᠨ ᠭᠡᠲᠡᠭ ᠢ ᠪᠠᠷᠢᠮᠲᠠᠲᠤ ᠺᠢᠨᠣ᠋᠂ | ᠸᠢᠳᠢᠤ᠋ ᠪᠢᠴᠢᠯᠭᠡ ᠦᠵᠡᠵᠦ ᠰᠣᠨᠢᠷᠬᠠᠭᠰᠠᠨ ᠬᠥᠮᠥᠨ ᠪᠣᠯᠭᠠᠨ ᠠᠨᠳᠠᠬᠤ ᠦᠭᠡᠢ ᠮᠡᠳᠡᠨ᠎ᠠ᠃ ᠰᠠᠨᠰᠠᠷ ᠠᠴᠠ ᠬᠠᠷᠠᠬᠤ ᠳᠤ ᠪᠢᠳᠡᠨ ᠤ ᠣᠷᠣᠰᠢᠨ ᠠᠮᠢᠳᠤᠷᠠᠵᠤ ᠪᠠᠶᠢᠭ᠎ᠠ | ᠳᠡᠯᠡᠬᠡᠢ ᠶᠢᠨ ᠪᠥᠮᠪᠥᠷᠴᠡᠭ ᠪᠣᠯ ᠬᠥᠬᠡ ᠴᠠᠭᠠᠨ ᠵᠤᠷᠪᠤᠰ ᠰᠦᠯᠵᠢᠯᠳᠦᠭᠰᠡᠨ ᠪᠥᠭᠡᠳ ᠡᠷᠭᠢᠨ ᠲᠣᠭᠤᠷᠢᠨ ᠨᠢ ᠣᠰᠣᠨ ᠴᠡᠩᠬᠡᠷ ᠱᠠ ᠪᠠᠷ ᠪᠦᠷᠬᠦᠭᠳᠡᠭᠰᠡᠨ ᠪᠣᠯᠣᠷ | ᠲᠤᠩᠭᠠᠯᠠᠭ ᠪᠥᠮᠪᠥᠷᠴᠡᠭ ᠮᠡᠲᠦ ᠬᠠᠷᠠᠭᠳᠠᠳᠠᠭ ᠭᠡᠯᠴᠡᠳᠡᠭ᠃ ᠡᠨᠡ ᠬᠦ ᠪᠣᠯᠣᠷ ᠲᠤᠩᠭᠠᠯᠠᠭ ᠪᠥᠮᠪᠥᠷᠴᠡᠭ ᠲᠤ ᠪᠢᠳᠡ ᠡᠳᠦᠷ ᠪᠣᠯᠭᠠᠨ ᠤ ᠨᠠᠷᠠ ᠶᠢ ᠤᠭᠲᠤᠵᠤ᠂ | ᠢᠳᠡᠵᠦ ᠡᠮᠦᠰᠬᠦ ᠬᠠᠩᠬᠤᠯᠤᠭᠤᠨ ᠥᠨᠢᠷ ᠵᠢᠷᠭᠠᠯ ᠲᠠᠢ ᠠᠵᠤ ᠲᠦᠷᠦᠨ᠎ᠡ ᠭᠡᠵᠦ ᠪᠤᠲᠣᠬᠤ ᠳᠤ ᠨᠢᠭᠡ ᠶᠣᠰᠣᠨ ᠤ ᠵᠢᠷᠭᠠᠯ ᠮᠡᠲᠦ᠃ ᠲᠡᠭᠡᠭᠦ ᠳᠡᠭᠡᠨ ᠲᠤᠭ᠎ᠠ ᠲᠣᠮᠰᠢ | ᠦᠭᠡᠢ ᠣᠯᠠᠨ ᠣᠲᠣᠨ ᠭᠠᠷᠠᠭ ᠲᠠᠢ ᠬᠠᠷᠢᠴᠠᠭᠤᠯᠬᠤ ᠳᠤ ᠳᠡᠯᠡᠬᠡᠢ ᠶᠢᠨ ᠪᠥᠮᠪᠥᠷᠴᠡᠭ ᠨᠢ ᠶᠠᠯᠢᠮ ᠦᠭᠡᠢ ᠵᠢᠵᠢᠭᠬᠡᠨ ᠭᠡᠲᠡᠭ ᠪᠤᠯᠪᠠᠴᠣ ᠲᠡᠭᠦᠨ ᠤ ᠳᠡᠭᠡᠷ᠎ᠡ ᠲᠠᠯᠠᠨ | ᠲᠠᠪᠤᠨ ᠳ᠋ᠦᠩᠰᠢᠭᠤᠷ ᠭᠠᠷᠤᠢ ᠬᠥᠮᠥᠨ ᠠᠷᠠᠳ ᠠᠵᠤ ᠲᠦᠷᠦᠨ ᠠᠮᠢᠳᠤᠷᠠᠵᠤ ᠠᠮᠢ ᠵᠢᠭᠤᠵᠤ ᠲᠡᠮᠡᠴᠡᠵᠦ ᠪᠠᠶᠢᠨ᠎ᠠ ᠭᠡᠵᠦ ᠬᠡᠯᠡᠬᠦ ᠳᠤ ᠪᠠᠰᠠ ᠬᠡᠴᠢᠨᠡᠨ ᠠᠤᠭ᠎ᠠ ᠶᠡᠭᠡ᠂ | ᠴᠠᠭᠯᠠᠰᠢ ᠦᠭᠡᠢ ᠰᠠᠨᠠᠭᠳᠠᠬᠤ ᠠᠵᠢ᠃ | ᠲᠡᠶᠢᠮᠦ ᠠ᠋᠂ ᠳᠡᠯᠡᠬᠡᠢ ᠶᠢᠨ ᠪᠥᠮᠪᠥᠷᠴᠡᠭ ᠢ ᠠᠭᠤᠤ ᠶᠡᠭᠡ ᠭᠡᠬᠦ ᠬᠤᠶᠠᠷᠬᠠᠨ ᠦᠭᠡᠨ ᠳᠤ ᠪᠠᠭᠲᠠᠭᠠᠨ ᠬᠡᠯᠡᠬᠦ ᠳᠤ ᠪᠠᠰᠠ ᠪᠠᠭᠠᠳᠠᠮᠠᠷ ᠮᠡᠲᠦ᠃ ᠬᠥᠮᠥᠨ | ᠲᠥᠷᠥᠯᠬᠢᠲᠡᠨ ᠤ ᠠᠮᠢᠳᠤᠷᠠᠵᠤ ᠪᠠᠶᠢᠭ᠎ᠠ ᠡᠬᠡ ᠬᠠᠭᠤᠷᠠᠢ ᠨᠢ ᠵᠦᠪᠭᠡᠨ ᠳᠡᠯᠡᠬᠡᠢ ᠶᠢᠨ ᠪᠥᠮᠪᠥᠷᠴᠡᠭ ᠤᠨ ᠭᠠᠳᠠᠷᠭᠤ ᠶᠢᠨ ᠲᠠᠪᠤᠨ ᠤ ᠨᠢᠭᠡ ᠬᠤᠪᠢ ᠶᠢ ᠯᠡ ᠡᠵᠡᠯᠡᠳᠡᠭ | ᠭᠡᠬᠦ ᠪᠤᠯᠪᠠᠴᠣ ᠬᠦᠵᠢ ᠳᠡᠯᠡᠬᠡᠢ ᠪᠠᠶᠠᠯᠢᠭ ᠤᠨ ᠰᠢᠮ᠎ᠡ ᠪᠠᠨ ᠪᠢᠳᠡᠨ ᠳᠤ ᠬᠠᠷᠠᠮ ᠦᠭᠡᠢ ᠬᠠᠶᠢᠷᠠᠯᠠᠨ ᠰᠣᠶᠣᠷᠬᠠᠭᠰᠠᠭᠠᠷ ᠢᠷᠡᠭᠰᠡᠨ ᠪᠢᠯᠡ᠃ ᠪᠢᠳᠡ ᠡᠳᠦᠷ ᠪᠣᠯᠭᠠᠨ | ᠪᠠᠶᠢᠭᠠᠯᠢ ᠳᠡᠯᠡᠬᠡᠢ ᠶᠢᠨ ᠴᠡᠪᠡᠷ ᠠᠭᠠᠷ ᠢ ᠠᠮᠢᠰᠬᠤᠵᠤ᠂ ᠷᠠᠰᠢᠶᠠᠨ ᠲᠤᠩᠭᠠᠯᠠᠭ ᠤᠰᠤ ᠪᠠᠷ ᠨᠢ ᠤᠮᠳᠠᠯᠠᠵᠤ᠂ ᠠᠭᠤᠷᠬᠠᠢ ᠪᠠᠶᠠᠯᠢᠭ ᠢ ᠨᠢ ᠠᠭᠤᠳᠠᠯᠤᠨ᠂ ᠤᠷᠭᠤᠮᠠᠯ | ᠠᠮᠢᠲᠠᠨ ᠢᠶᠠᠷ ᠨᠢ ᠬᠤᠭᠤᠯᠠᠯᠠᠳᠠᠭ᠃ ᠨᠢᠭᠤᠯᠲᠠ ᠦᠭᠡᠢ ᠶᠠᠷᠢᠪᠠᠯ ᠪᠢᠳᠡ ᠮᠥᠴᠡ ᠪᠦᠷᠢ᠂ ᠠᠯᠬᠤᠮ ᠪᠣᠯᠭᠠᠨ ᠳᠡᠯᠡᠬᠡᠢ ᠡᠵᠢ ᠶᠢᠨ ︽ᠰᠦ︾ ᠶᠢ ᠬᠥᠬᠦᠵᠦ᠂ | ᠳᠡᠩᠳᠡᠭᠦᠦ ᠬᠠᠶᠢᠷ᠎ᠠ ᠳᠤᠨᠢ ᠡᠩᠬᠦᠷᠡᠶᠢᠯᠡᠨ ᠪᠦᠪᠠᠶᠢᠯᠡᠭᠳᠡᠵᠦ ᠥᠰᠴᠦ ᠥᠨᠳᠡᠶᠢᠭᠰᠡᠨ ᠭᠡᠵᠦ ᠬᠡᠯᠡᠬᠦ ᠳᠤ ᠥᠰᠬᠡᠵᠦ ᠶᠠᠷᠢᠭᠰᠠᠨ ᠤᠴᠢᠷ ᠠᠯᠠᠭ᠎ᠠ᠃ ᠲᠡᠭᠡᠭᠡᠳ ᠪᠠᠰᠠ | ᠵᠣᠬᠰᠣᠬᠤ ᠪᠢᠰᠢ᠂ ᠣᠨᠴᠠ ᠵᠠᠷᠢᠮ ᠨᠢ ᠬᠠᠶᠠᠭᠳᠠᠮᠠᠯ ᠪᠣᠬᠢᠷᠳᠤᠯ ᠢᠶᠠᠨ ᠭᠠᠳᠠᠭᠰᠢᠯᠠᠭᠤᠯᠤᠨ ᠬᠠᠴᠠᠷ ᠨᠢᠭᠤᠷ ᠢ ᠨᠢ ᠬᠠᠯᠲᠠᠷᠲᠤᠭᠤᠯᠵᠤ᠂ ᠬᠠᠨᠤᠯ ᠰᠢᠨᠤᠯ ᠢᠶᠠᠨ | ᠬᠠᠩᠭᠠᠬᠤ ᠶᠢᠨ ᠲᠥᠯᠥᠭᠡ ᠬᠡᠷᠡᠭᠴᠡᠭᠡ ᠲᠠᠢ ᠪᠦᠭᠦᠨ ᠢᠶᠠᠨ ᠴᠥᠯᠪᠡᠵᠦ ᠳᠡᠭᠡᠷᠡᠮᠳᠡᠳᠡᠭ᠃ | ᠪᠠᠶᠢᠭᠠᠯᠢ ᠳᠡᠯᠡᠬᠡᠢ ᠶᠢᠨ ᠪᠠᠶᠠᠯᠢᠭ ᠠᠭᠤᠷᠠᠰᠣᠨ ᠪᠠᠷᠠᠭᠳᠠᠰᠢ ᠦᠭᠡᠢ ᠪᠢᠰᠢ᠂ ᠬᠡᠮᠵᠢᠶ᠎ᠡ ᠲᠠᠢ ᠮᠥᠷᠲᠡᠭᠡᠨ ᠬᠢᠵᠠᠭᠠᠷ ᠲᠠᠢ ᠭᠡᠲᠡᠭ ᠢ ᠴᠠᠭ ᠢᠮᠠᠭᠲᠠ ᠰᠠᠨᠠᠵᠤ | ᠴᠡᠭᠡᠵᠢᠯᠡᠪᠡᠯ ᠲᠠᠭᠠᠷᠠᠨ᠎ᠠ᠃ ᠠᠭᠤᠷᠬᠠᠢ ᠶᠢᠨ ᠡᠬᠢ ᠪᠠᠶᠠᠯᠢᠭ ᠤᠨ ᠵᠠᠷᠢᠮ ᠨᠢ ᠬᠡᠳᠦᠨ ᠵᠠᠭᠤᠨ ᠲᠦᠮᠡᠨ ᠵᠢᠯ᠂ ᠴᠢᠨᠠᠭᠰᠢᠯᠠᠪᠠᠯ ᠬᠡᠳᠦᠨ ᠳ᠋ᠦᠩᠰᠢᠭᠤᠷ ᠵᠢᠯ ᠤᠨ | ᠭᠧᠣᠯᠣᠭᠢ ᠶᠢᠨ ᠬᠤᠪᠢᠷᠠᠯ ᠢ ᠲᠠᠮᠵᠢᠮᠠᠨᠵᠢᠨ ᠰᠠᠶ᠋ᠢ ᠪᠦᠷᠢᠯᠳᠦᠨ ᠲᠣᠭᠲᠠᠳᠠᠭ ᠪᠢᠯᠡ᠃ ᠣᠨ ᠵᠢᠯ ᠤᠨ ᠪᠤᠭᠤᠷᠤᠯ ᠠᠶᠠᠨ ᠢ ᠲᠣᠭᠤᠯᠵᠦ ᠪᠦᠷᠢᠯᠳᠦᠭᠰᠡᠨ ᠡᠳᠡᠭᠡᠷ ᠡᠬᠢ | ᠪᠠᠶᠠᠯᠢᠭ ᠪᠣᠯ ᠵᠦᠪᠭᠡᠨ ᠪᠢᠳᠡᠨ ᠤ ᠯᠡ ᠭᠡᠬᠦ ᠥᠮᠴᠢ ᠳᠤ ᠪᠠᠭᠲᠠᠬᠤ ᠪᠤᠰᠤ᠃ ᠬᠠᠷᠢᠨ ᠬᠥᠮᠥᠨ ᠲᠥᠷᠥᠯᠬᠢᠲᠡᠨ ᠢ ᠪᠠᠭᠲᠠᠭᠠᠭᠰᠠᠨ ᠠᠮᠢᠲᠠᠨ ᠵᠢᠷᠭᠤᠭᠠᠨ ᠵᠦᠢᠯ | ᠬᠢᠭᠡᠳ ᠬᠤᠵᠢᠮ ᠢᠷᠡᠭᠡᠳᠦᠢ ᠶᠢ ᠵᠠᠯᠭᠠᠨ ᠦᠷᠭᠦᠯᠵᠢᠯᠡᠬᠦ ᠦᠷ᠎ᠡ ᠬᠤᠶᠢᠴᠢᠰ ᠤᠨ ᠮᠠᠨᠢ ᠬᠠᠮᠲᠤ ᠶᠢᠨ ᠥᠪ ᠬᠥᠷᠥᠩᠭᠡ ᠭᠡᠲᠡᠭ ᠢ ᠮᠡᠳᠡᠭᠦᠰᠢᠲᠡᠢ᠃ | ᠭᠠᠭᠴᠠᠬᠠᠨ ᠪᠥᠮᠪᠥᠷᠴᠡᠭ ᠲᠤ ᠪᠢᠳᠡ ᠣᠯᠠᠭᠤᠯᠠ ᠪᠠᠨ ᠠᠵᠤ ᠲᠦᠷᠦᠵᠦ ᠠᠮᠢ ᠵᠢᠭᠤᠵᠤ ᠪᠠᠶᠢᠭ᠎ᠠ᠃ ᠭᠠᠭᠴᠠᠬᠠᠨ ᠪᠣᠯᠬᠤᠷ ᠭᠠᠮᠨᠠᠵᠤ ᠠᠷᠪᠢᠯᠠᠵᠤ ᠬᠠᠶᠢᠷᠠᠯᠠᠵᠤ | ᠬᠠᠮᠠᠭᠠᠯᠠᠬᠤ ᠨᠢ ᠵᠦᠢᠲᠡᠢ᠃ ᠣᠯᠠᠭᠤᠯᠠ ᠶᠢᠨ ᠬᠠᠯᠠᠭᠤᠨ ᠬᠥᠷᠥᠰᠥ ᠳᠤᠯᠠᠭᠠᠨ ᠥᠯᠥᠭᠡᠢ ᠪᠤᠯᠬᠤ ᠤᠴᠢᠷ ᠠᠴᠠ ᠳᠡᠯᠡᠬᠡᠢ ᠶᠢᠨ ᠪᠥᠮᠪᠥᠷᠴᠡᠭ ᠤᠨ ᠡᠬᠢ ᠪᠠᠶᠠᠯᠢᠭ ᠢ | ᠨᠢ ᠨᠠᠨᠳᠢᠩᠨᠠᠵᠤ᠂ ᠦᠷ᠎ᠡ ᠬᠤᠶᠢᠴᠢᠰ ᠲᠠᠭᠠᠨ ᠥᠪᠯᠡᠵᠦ ᠦᠯᠡᠳᠡᠭᠡᠬᠦ ᠶᠢ ᠬᠢᠴᠢᠶᠡᠨ ᠵᠥᠪᠯᠡᠪᠡᠯ ᠲᠠᠭᠠᠷᠠᠨ᠎ᠠ᠃ | | |