ᠣᠶᠢᠷ᠎ᠠ ᠶᠢᠨ ᠵᠢᠯ ᠳᠤ ᠮᠠᠨ ᠤ ᠤᠯᠤᠰ ᠤᠨ ᠰᠠᠭᠤᠭᠠᠯᠢ ᠠᠷᠠᠳ ᠤᠨ ᠰᠢᠮ᠎ᠡ ᠲᠡᠵᠢᠭᠡᠯ ᠤᠨ ᠪᠠᠶᠢᠳᠠᠯ ᠪᠠ ᠬᠤᠭᠤᠯᠠᠨ ᠤ ᠪᠦᠲᠦᠴᠡ ᠢᠯᠡᠳᠲᠡ ᠰᠠᠶᠢᠵᠢᠷᠠᠵᠤ᠂ | ᠢᠯᠠᠩᠭᠤᠶ᠎ᠠ ᠤᠭᠤᠷᠠᠭ᠂ ᠥᠭᠡᠬᠦ ᠪᠠ ᠨᠡᠭᠦᠷᠡᠰᠦ ᠤᠰᠤᠨ ᠤ ᠨᠢᠭᠡᠳᠪᠦᠷᠢ ᠵᠡᠷᠭᠡ ᠭᠤᠷᠪᠠᠨ ᠲᠥᠷᠥᠯ ᠤᠨ ᠰᠢᠮ᠎ᠡ ᠲᠡᠵᠢᠭᠡᠯ ᠤᠨ ᠡᠳ᠋ ᠢ ᠰᠢᠩᠭᠡᠭᠡᠨ ᠠᠪᠬᠤ | ᠬᠡᠮᠵᠢᠶ᠎ᠡ ᠨᠢ ᠢᠳᠡᠭᠡᠨ ᠤᠮᠳᠠᠭᠠᠨ ᠤ ᠯᠠᠪᠯᠠᠯᠲᠠ ᠶᠢᠨ ᠪᠠᠷᠢᠮᠵᠢᠶ᠎ᠠ ᠳᠤ ᠦᠨᠳᠦᠰᠦᠨ ᠳᠡᠭᠡᠨ ᠬᠦᠷᠴᠡᠢ᠃ | ᠭᠡᠪᠡᠴᠦ ᠢᠳᠡᠭᠡᠨ ᠤᠮᠳᠠᠭᠠᠨ ᠤ ᠪᠦᠲᠦᠴᠡ ᠳᠤ ᠮᠥᠨ ᠯᠡ ᠵᠣᠬᠢᠰ ᠦᠭᠡᠶ ᠲᠠᠯ᠎ᠠ ᠣᠷᠣᠰᠢᠵᠤ᠂ ᠵᠢᠱᠢᠶᠡᠯᠡᠪᠡᠯ ᠰᠦᠨ ᠤ ᠲᠥᠷᠥᠯ᠂ ᠪᠤᠷᠴᠠᠭ ᠤᠨ ᠲᠦᠷᠦᠯ ᠤᠨ | ᠬᠡᠷᠡᠭᠯᠡᠯᠳᠡ ᠬᠦᠷᠦᠯᠴᠡᠬᠦ ᠦᠭᠡᠢ ᠪᠠᠶᠢᠵᠤ᠂ ᠢᠳᠡᠭᠡᠨ ᠤᠮᠳᠠᠭᠠᠨ ᠤ ᠯᠠᠪᠯᠠᠯᠲᠠ ᠶᠢᠨ ᠪᠠᠷᠢᠮᠵᠢᠶ᠎ᠠ ᠠᠴᠠ ᠳᠣᠣᠷ᠎ᠠ ᠪᠠᠶᠢᠨ᠎ᠠ ᠭᠡᠵᠦ ᠵᠢᠭᠠᠵᠠᠢ᠃ ᠪᠡᠭᠡᠵᠢᠩ ᠤᠨ ᠰᠢᠶᠧ | ᠾᠧ ᠡᠮᠨᠡᠯᠭᠡ ᠶᠢᠨ ᠡᠮᠴᠢᠯᠡᠭᠡᠨ ᠤ ᠰᠢᠮ᠎ᠡ ᠲᠡᠵᠢᠭᠡᠯ ᠤᠨ ᠰᠠᠯᠠᠭᠠᠨ ᠤ ᠡᠷᠬᠢᠯᠡᠭᠴᠢ ᠢᠦᠶ ᠺᠠᠩ ᠬᠡᠯᠡᠬᠦ ᠳᠡᠭᠡᠨ᠂ ᠦᠷᠭᠦᠯᠵᠢ ᠰᠢᠷ᠎ᠠ ᠪᠤᠷᠴᠠᠭ ᠢᠳᠡᠬᠦ ᠨᠢ ᠬᠡᠤᠬᠡᠳ ᠤᠨ | ᠥᠰᠥᠯᠲᠡ ᠪᠤᠶᠢᠵᠢᠯᠲᠠ ᠳᠤ ᠠᠰᠢᠭᠲᠠᠶ᠂ ᠨᠠᠰᠤᠨ ᠳᠤ ᠭᠦᠷᠦᠭᠰᠡᠳ ᠵᠣᠬᠢᠬᠤ ᠬᠡᠮᠵᠢᠶᠡᠨ ᠤ ᠰᠢᠷ᠎ᠠ ᠪᠤᠷᠴᠠᠭ ᠢᠳᠡᠪᠡᠯ ᠵᠢᠷᠦᠬᠡ ᠴᠢᠰᠤᠨ ᠰᠤᠳᠠᠯ ᠤᠨ ᠡᠪᠡᠳᠴᠢᠨ ᠤ | ᠲᠦᠭᠰᠢᠭᠦᠷᠢ ᠪᠠ ᠡᠮᠡᠭᠲᠡᠶᠢᠴᠦᠳ ᠤᠨ ᠬᠥᠬᠦᠨ ᠤ ᠪᠤᠯᠴᠢᠷᠬᠠᠶ ᠶᠢᠨ ᠥᠮᠡᠨ ᠳᠤ ᠨᠡᠷᠪᠡᠭᠳᠡᠬᠦ ᠲᠦᠭᠰᠢᠭᠦᠷᠢ ᠶᠢ ᠪᠠᠭᠠᠰᠬᠠᠵᠤ ᠪᠣᠯᠤᠨ᠎ᠠ ᠭᠡᠳᠡᠭ ᠢ ᠭᠡᠷᠡᠴᠢᠯᠡᠵᠡᠢ᠃ | ᠪᠠᠰᠠ᠂ ᠨᠠᠰᠤᠲᠠᠶᠢᠴᠤᠳ ᠰᠢᠷ᠎ᠠ ᠪᠤᠷᠴᠠᠭ ᠵᠢᠴᠢ ᠲᠡᠭᠦᠨ ᠤ ᠪᠦᠲᠦᠭᠡᠭᠳᠡᠬᠦᠨ ᠢ ᠵᠣᠬᠢᠬᠤ ᠬᠡᠮᠵᠢᠶ᠎ᠡ ᠪᠠᠷ ᠬᠡᠷᠡᠭᠯᠡᠬᠦ ᠨᠢ ᠴᠢᠨᠠᠷ ᠰᠠᠶᠢᠲᠠᠶ ᠤᠭᠤᠷᠠᠭ ᠢ | ᠨᠥᠬᠦᠪᠥᠷᠢᠯᠡᠬᠦ ᠳᠤ ᠠᠰᠢᠭᠲᠠᠶ ᠪᠠᠶᠢᠵᠤ᠂ ᠣᠨᠴᠠᠭᠠᠶᠢᠯᠠᠨ ᠨᠠᠰᠤᠲᠠᠶᠢᠴᠤᠳ ᠤᠨ ᠪᠤᠯᠴᠢᠩ ᠮᠢᠬ᠎ᠠ ᠰᠤᠯᠠᠷᠠᠨ ᠮᠠᠭᠤᠳᠠᠬᠤ ᠠᠰᠠᠭᠤᠳᠠᠯ ᠢ ᠰᠡᠷᠭᠡᠶᠢᠯᠡᠨ᠎ᠡ ᠭᠡᠵᠡᠢ᠃ | ᠪᠤᠷᠴᠠᠭ ᠢᠯᠡᠬᠦᠦ ᠢᠳᠡᠬᠦ ᠲᠤᠬᠠᠢ ᠢᠦᠶ ᠺᠠᠩ ᠡᠮᠴᠢ ᠰᠠᠨᠠᠭᠤᠯᠬᠤ ᠳᠠᠭᠠᠨ᠂ ᠨᠠᠰᠤᠨ ᠳᠤ ᠭᠦᠷᠦᠭᠰᠡᠳ ᠳᠤᠮᠳᠠᠴᠢ ᠪᠠᠷ ᠡᠳᠦᠷ ᠲᠤ 15 — 25 ᠭᠷᠠᠮ ᠤᠨ | ᠰᠢᠷ᠎ᠠ ᠪᠤᠷᠴᠠᠭ ᠪᠤᠶᠤ ᠵᠣᠬᠢᠬᠤ ᠬᠡᠮᠵᠢᠶᠡᠨ ᠤ ᠰᠢᠷ᠎ᠠ ᠪᠤᠷᠴᠠᠭ ᠤᠨ ᠢᠳᠡᠭᠡᠨ ᠢ ᠢᠳᠡᠬᠦ ᠬᠡᠷᠡᠭᠲᠡᠶ᠃ | ᠡᠭᠦᠨ ᠤ ᠲᠤᠯᠠᠳᠠ ᠪᠤᠷᠴᠠᠭ ᠤᠨ ᠵᠤᠲᠠᠩ᠂ ᠳ᠋ᠧᠦᠹᠦ᠋᠂ ᠳ᠋ᠧᠦᠹᠦ᠋ ᠶᠢᠨ ᠰᠢᠷᠬᠡᠭ᠂ ᠳ᠋ᠧᠦᠹᠦ᠋ ᠶᠢᠨ ᠬᠠᠲᠠᠭᠠᠮᠠᠯ ᠵᠡᠷᠭᠡ ᠰᠢᠷ᠎ᠠ ᠪᠤᠷᠴᠠᠭ ᠪᠤᠶᠤ ᠪᠤᠷᠴᠠᠭ ᠤᠨ | ᠢᠳᠡᠭᠡᠨ ᠤ ᠵᠦᠢᠯ ᠢ ᠨᠡᠮᠡᠵᠦ ᠡᠳ᠋ᠯᠡᠬᠦ ᠶᠢᠨ ᠬᠠᠮᠲᠤ ᠭᠤᠷᠪᠠᠨ ᠡᠷᠡᠨ ᠤ ᠬᠤᠭᠤᠯᠠᠨ ᠳᠠᠭᠠᠨ ᠲᠡᠩᠴᠡᠭᠦᠬᠡᠨ ᠡᠳ᠋ᠯᠡᠪᠡᠯ ᠵᠤᠬᠢᠰᠲᠠᠢ᠃ ᠬᠠᠷᠠᠰᠤ ᠢᠳᠡᠳᠡᠭ ᠪᠤᠶᠤ | ᠰᠠᠶᠤᠤᠲᠠᠨ ᠬᠦᠮᠦᠰ ᠡᠳᠦᠷ ᠲᠤ 50 — 80 ᠭᠷᠠᠮ ᠡᠳ᠋ᠯᠡᠵᠦ ᠪᠤᠯᠤᠨ᠎ᠠ᠂ ᠬᠠᠷᠢᠨ ᠵᠦᠪᠬᠡᠨ ᠥᠨᠳᠡᠭᠡ ᠰᠦ ᠡᠳ᠋ᠯᠡᠳᠡᠭ ᠬᠥᠮᠦᠰ ᠡᠳᠦᠷ ᠪᠦᠷᠢ 25 — 60 | ᠭᠷᠠᠮ ᠢᠳᠡᠬᠦ ᠶᠢ ᠰᠠᠨᠠᠯ ᠪᠤᠯᠭᠠᠨ᠎ᠠ ᠭᠡᠵᠡᠢ᠃ ᠰᠦ ᠨᠡᠮᠡᠬᠦ ᠲᠤᠬᠠᠶ ᠢᠦᠶ ᠺᠠᠩ ᠡᠮᠴᠢ ᠶᠢᠨ ᠦᠵᠡᠬᠦ ᠪᠠᠷ᠂ ᠨᠠᠰᠤᠨ ᠳᠤ ᠭᠦᠷᠦᠭᠰᠡᠳ ᠡᠳᠦᠷ ᠪᠦᠷᠢ 300 | ᠮᠢᠯᠢᠯᠢᠲ᠋ᠧᠷ ᠠᠴᠠ ᠳᠡᠭᠡᠭᠰᠢ ᠰᠦ ᠪᠤᠶᠤ ᠵᠣᠬᠢᠬᠤ ᠬᠡᠮᠵᠢᠶᠡᠨ ᠤ ᠴᠠᠭᠠᠨ ᠢᠳᠡᠭᠡ ᠢᠳᠡᠪᠡᠯ ᠵᠣᠬᠢᠨ᠎ᠠ᠃ ᠠᠳᠠᠯᠢ ᠪᠤᠰᠤ ᠲᠥᠷᠥᠯ ᠤᠨ ᠰᠦᠨ ᠤ ᠲᠥᠷᠥᠯ ᠪᠤᠶᠤ | ᠴᠠᠭᠠᠨ ᠢᠳᠡᠭᠡᠨ ᠢ ᠰᠣᠩᠭᠤᠵᠤ ᠪᠣᠯᠤᠨ᠎ᠠ᠃ ᠦᠨᠢᠶᠡᠨ ᠰᠦ᠂ ᠡᠭᠡᠳᠡᠭᠰᠡᠨ ᠰᠦ᠂ ᠪᠢᠰᠢᠯᠠᠭ ᠵᠡᠷᠭᠡ ᠶᠢ ᠪᠠᠭᠲᠠᠭᠠᠨ᠎ᠠ᠂ ᠰᠦ ᠶᠢᠨ ᠰᠢᠬᠢᠷ ᠢ ᠳᠠᠭᠠᠭᠠᠬᠤ ᠦᠭᠡᠢ | ᠬᠥᠮᠦᠰ ᠪᠠᠭ᠎ᠠ ᠬᠡᠮᠵᠢᠶ᠎ᠡ ᠪᠠᠷ ᠣᠯᠠᠨ ᠤᠳᠠᠭ᠎ᠠ ᠤᠤᠭᠤᠵᠤ ᠪᠣᠯᠤᠨ᠎ᠠ᠂ ᠰᠦᠨ ᠤ ᠵᠦᠢᠯ ᠢ ᠪᠤᠰᠤᠳ ᠢᠳᠡᠭᠡᠨ ᠲᠠᠢ ᠬᠠᠮᠲᠤ ᠢᠳᠡᠪᠡᠯ ᠵᠣᠬᠢᠨ᠎ᠠ᠂ ᠵᠢᠱᠢᠶᠡᠯᠡᠪᠡᠯ | ᠰᠦᠨ ᠤ ᠵᠦᠢᠯ ᠢ ᠠᠮᠤ ᠪᠤᠳᠠᠭ᠎ᠠ᠂ ᠵᠢᠮᠢᠰ ᠨᠣᠭᠤᠭ᠎ᠠ ᠵᠡᠷᠭᠡ ᠲᠠᠢ ᠬᠤᠯᠢᠵᠤ ᠢᠳᠡᠪᠡᠯ ᠰᠦ ᠶᠢᠨ ᠰᠢᠬᠢᠷ ᠤᠨ ᠭᠡᠳᠡᠰᠦᠨ ᠳᠠᠬᠢ ᠰᠢᠩᠭᠡᠭᠡᠯᠲᠡ ᠶᠢ ᠤᠳᠠᠭᠠᠰᠢᠷᠠᠭᠤᠯᠵᠤ | ᠂ ᠡᠭᠦᠨ ᠤ ᠤᠯᠠᠮ ᠢᠶᠠᠷ ᠡᠪᠡᠳᠴᠢᠨ ᠤ ᠢᠯᠡᠷᠡᠯ ᠢ ᠨᠠᠮᠳᠠᠭᠠᠨ᠎ᠠ ᠭᠡᠵᠡᠢ᠃ | |