ᠠᠦ᠋ᠰᠳ᠋ᠷᠠᠯᠢᠶ᠎ᠠ ᠶᠢᠨ ᠰᠢᠳ᠋ᠨᠢ ᠶᠡᠭᠡ ᠰᠤᠷᠭᠠᠭᠤᠯᠢ ᠪᠠ ᠠᠩᠭ᠍ᠯᠢ ᠶᠢᠨ ᠯᠤᠨᠳᠤᠨ ᠶᠡᠭᠡ ᠰᠤᠷᠭᠠᠭᠤᠯᠢ ᠶᠢᠨ ᠳᠡᠭᠡᠳᠦ ᠰᠤᠷᠭᠠᠭᠤᠯᠢ ᠶᠢᠨ ᠰᠤᠳᠤᠯᠭᠠᠲᠠᠳ ᠤᠨ | ᠳᠠᠭᠠᠭᠤᠯᠤᠨ ᠥᠷᠨᠢᠭᠦᠯᠦᠭᠰᠡᠨ ᠨᠢᠭᠡᠨ ᠰᠢᠨ᠎ᠡ ᠰᠤᠳᠤᠯᠭᠠᠨ ᠳᠤ ᠬᠠᠷᠠᠭᠤᠯᠤᠬᠰᠡᠨ ᠢᠶᠠᠷ᠂ ᠡᠳᠦᠷ ᠪᠦᠷᠢ ᠪᠠᠭ᠎ᠠ ᠬᠡᠮᠵᠢᠶᠡᠨ ᠤ ᠪᠡᠶ᠎ᠡ ᠶᠢᠨ ᠲᠠᠮᠢᠷ ᠤᠨ ᠪᠣᠯᠪᠠᠰᠤᠷᠠᠯ᠂ | ᠵᠢᠱᠢᠶᠡᠯᠡᠪᠡᠯ ᠭᠦᠶᠦᠬᠦ᠂ ᠳᠤᠭᠤᠶ ᠤᠨᠤᠬᠤ ᠪᠤᠶᠤ ᠱᠠᠲᠤ ᠠᠪᠠᠷᠢᠬᠤ ᠵᠡᠷᠭᠡ ᠨᠢ ᠴᠢᠰᠤᠨ ᠳᠠᠷᠤᠯᠲᠠ ᠶᠢ ᠪᠠᠭᠤᠷᠠᠭᠤᠯᠬᠤ ᠳᠤ ᠠᠰᠢᠭᠲᠠᠶ ᠪᠠᠶᠢᠳᠠᠭ᠃ ᠬᠤᠯᠪᠤᠬᠳᠠᠯ | ᠪᠦᠬᠦᠢ ᠥᠭᠦᠯᠡᠯ ᠨᠢᠭᠡᠨᠲᠡ ᠠᠮᠧᠷᠢᠺᠠ ᠶᠢᠨ ᠵᠢᠷᠦᠬᠡᠨ ᠤ ᠨᠡᠶᠢᠭᠡᠮᠯᠢᠭ ᠤᠨ ᠡᠷᠬᠢᠯᠡᠭᠰᠡᠨ ︽ᠣᠷᠴᠢᠯ︾ ᠰᠡᠳᠬᠦᠯ ᠳᠡᠭᠡᠷ᠎ᠡ ᠨᠡᠶᠢᠲᠡᠯᠡᠭᠳᠡᠵᠡᠢ᠃ ᠰᠢᠳ᠋ᠨᠢ ᠶᠡᠭᠡ | ᠰᠤᠷᠭᠠᠭᠤᠯᠢ ᠣᠶᠢᠷ᠎ᠠ ᠳᠤ ᠰᠣᠨᠢᠨ ᠮᠡᠳᠡᠭᠡᠨ ᠤ ᠠᠯᠪᠠᠨ ᠮᠡᠳᠡᠭᠡ ᠨᠡᠶᠢᠲᠡᠯᠡᠵᠦ᠂ ᠴᠢᠰᠤᠨ ᠳᠠᠷᠤᠯᠲᠠ ᠥᠨᠳᠥᠷ ᠨᠢ ᠪᠥᠬᠦ ᠳᠡᠯᠡᠬᠡᠶ ᠶᠢᠨ 12. 8 ᠳ᠋ᠦᠩᠰᠢᠭᠤᠷ | ᠣᠷᠴᠢᠮ ᠨᠠᠰᠤᠨ ᠳᠤ ᠭᠦᠷᠦᠭᠰᠡᠳ ᠢ ᠨᠥᠯᠥᠭᠡᠯᠡᠵᠦ᠂ ᠰᠠ ᠡᠪᠡᠳᠴᠢᠨ᠂ ᠵᠢᠷᠦᠬᠡᠨ ᠡᠪᠡᠳᠴᠢᠨ᠂ ᠵᠢᠷᠦᠬᠡᠨ ᠲᠠᠮᠢᠷ ᠮᠠᠭᠤᠳᠠᠬᠤ᠂ ᠪᠥᠭᠡᠷ᠎ᠡ ᠶᠢᠨ ᠭᠡᠮᠲᠦᠯ ᠵᠡᠷᠭᠡ ᠠᠯᠢ | ᠣᠯᠠᠨ ᠡᠷᠡᠭᠦᠯ ᠮᠡᠨᠳᠦ ᠶᠢᠨ ᠠᠰᠠᠭᠤᠳᠠᠯ ᠢ ᠡᠭᠦᠰᠭᠡᠵᠦ ᠮᠡᠳᠡᠨ᠎ᠡ᠂ ᠢᠯᠡᠷᠡᠯ ᠨᠢ ᠢᠯᠡᠷᠬᠡᠶ ᠪᠤᠰᠤ ᠠᠴᠠ ᠪᠣᠯᠵᠣ ᠦᠷᠭᠦᠯᠵᠢ ︽ᠳᠤᠭᠤᠶ ᠶᠠᠷᠭᠠᠴᠢᠨ︾ ᠬᠡᠮᠡᠭᠳᠡᠳᠡᠭ | ᠭᠡᠵᠤ ᠬᠡᠯᠡᠪᠡ᠃ | ᠥᠭᠦᠯᠡᠯ ᠤᠨ ᠴᠢᠮᠡᠭᠡᠯᠡᠯ ᠤᠨ ᠵᠣᠬᠢᠶᠠᠭᠴᠢ ᠶᠢᠨ ᠨᠢᠭᠡ᠂ ᠰᠢᠳ᠋ᠨᠢ ᠶᠡᠭᠡ ᠰᠤᠷᠭᠠᠭᠤᠯᠢ ᠶᠢᠨ ᠴᠠᠷᠯᠧᠰ · ᠫᠤᠷᠺᠢᠨᠰ ᠲᠥᠪ ᠤᠨ ᠫᠷᠤᠹᠧᠰᠰᠤᠷ ᠠᠶᠢᠮᠠᠨᠢᠦ᠋ᠢᠢᠢᠷ · | ᠰᠲ᠋ᠠᠮᠠᠲ᠋ᠠᠵᠢᠰ᠂ ᠴᠢᠰᠤᠨ ᠳᠠᠷᠤᠯᠲᠠ ᠥᠨᠳᠥᠷ ᠪᠣᠯ ᠪᠥᠬᠦ ᠪᠥᠮᠪᠥᠷᠴᠡᠭ ᠤᠨ ᠬᠠᠮᠤᠭ ᠤᠨ ᠭᠤᠤᠯ ᠪᠣᠯᠬᠤ ᠡᠷᠡᠭᠦᠯ ᠮᠡᠨᠳᠦ ᠶᠢᠨ ᠠᠰᠠᠭᠤᠳᠠᠯ ᠤᠨ ᠨᠢᠭᠡ ᠮᠥᠨ᠂ | ᠭᠡᠪᠡᠴᠦ ᠪᠤᠰᠤᠳ ᠵᠠᠷᠢᠮ ᠠᠮᠢᠨ ᠳᠤ ᠬᠦᠷᠬᠦ ᠪᠣᠯᠤᠮᠵᠢ ᠲᠠᠢ ᠵᠢᠷᠦᠬᠡ ᠴᠢᠰᠤᠨ ᠰᠤᠳᠠᠯ ᠤᠨ ᠡᠪᠡᠳᠴᠢᠨ ᠲᠠᠢ ᠠᠳᠠᠯᠢ ᠥᠬᠡᠶ᠂ ᠡᠮ ᠢᠶᠠᠷ ᠵᠠᠰᠠᠬᠤ ᠠᠴᠠ ᠭᠠᠳᠠᠨ᠎ᠠ᠂ | ᠴᠢᠰᠤᠨ ᠳᠠᠷᠤᠯᠲᠠ ᠥᠨᠳᠥᠷ ᠡᠪᠡᠳᠴᠢᠨ ᠢ ᠪᠠᠰᠠ ᠬᠠᠷᠢᠴᠠᠩᠭᠤᠶ ᠬᠢᠯᠪᠠᠷ ᠠᠷᠭ᠎ᠠ ᠪᠠᠷ ᠠᠷᠭᠠᠴᠠᠭᠠᠵᠤ ᠮᠡᠳᠡᠨ᠎ᠡ ᠭᠡᠵᠤ ᠵᠢᠭᠠᠵᠤ ᠭᠠᠷᠭᠠᠪᠠ᠃ ᠰᠤᠳᠤᠯᠭᠠᠨ ᠤ | ᠪᠦᠯᠬᠦᠮ ᠤᠨ ᠬᠢᠨ 5 ᠤᠯᠤᠰ ᠠᠴᠠ ᠢᠷᠡᠭᠰᠡᠨ 1.4 ᠲᠦᠮᠡ ᠭᠠᠷᠤᠶ ᠰᠠᠶᠢᠨ ᠲᠤᠷᠠᠴᠤᠳ ᠤᠨ ᠡᠷᠡᠭᠦᠯ ᠮᠡᠨᠳᠦ ᠶᠢᠨ ᠲᠤᠭ᠎ᠠ ᠪᠠᠷᠢᠮᠲᠠ ᠳᠤ ᠵᠠᠳᠠᠯᠤᠯᠲᠠ ᠬᠢᠵᠦ᠂ | ᠨᠢᠭᠡ ᠡᠳᠦᠷ ᠤᠨ ᠳᠣᠲᠣᠷ᠎ᠠ ᠨᠢᠭᠡ ᠵᠦᠢᠯ ᠤᠨ ᠬᠥᠳᠡᠯᠭᠡᠭᠡᠨ ᠤ ᠠᠵᠢᠯᠯᠠᠭ᠎ᠠ ᠪᠣᠯᠤᠨ ᠴᠢᠰᠤᠨ ᠳᠠᠷᠤᠯᠲᠠ ᠶᠢᠨ ᠬᠤᠭᠤᠷᠣᠨᠳᠣᠬᠢ ᠬᠠᠷᠢᠴᠠᠭ᠎ᠠ ᠶᠢ ᠰᠤᠳᠤᠯᠬᠤ ᠪᠠᠷ | ᠪᠠᠶᠢᠨ᠎ᠠ᠃ ᠣᠷᠣᠯᠴᠠᠭᠴᠢ ᠶᠢᠨ ᠡᠳᠦᠷ ᠲᠤᠲᠤᠮ ᠤᠨ ᠬᠥᠳᠡᠯᠭᠡᠭᠡᠨ ᠢ ᠤᠨᠲᠠᠬᠤ᠂ ᠤᠳᠠᠭᠠᠨ ᠰᠠᠭᠤᠬᠤ᠂ ᠤᠳᠠᠭᠠᠨ ᠶᠠᠪᠤᠬᠤ᠂ ᠲᠦᠷᠭᠡᠨ ᠶᠠᠪᠤᠬᠤ᠂ ᠵᠣᠭᠰᠣᠬᠤ ᠪᠠ | ᠨᠡᠯᠢᠶᠡᠳ ᠰᠢᠷᠦᠭᠦᠨ ᠬᠥᠳᠡᠯᠭᠡᠭᠡᠨ ︵ᠭᠦᠶᠦᠬᠦ᠂ ᠳᠤᠭᠤᠶ ᠤᠨᠤᠬᠤ ᠪᠤᠶᠤ ᠠᠰᠠᠷ ᠤᠨ ᠱᠠᠲᠤ ᠠᠪᠠᠷᠢᠬᠤ ᠵᠡᠷᠭᠡ︶ ᠭᠡᠬᠦ ᠵᠢᠷᠭᠤᠭᠠᠨ ᠲᠥᠷᠥᠯ ᠳᠤ ᠬᠤᠪᠢᠶᠠᠨ᠎ᠠ᠃ | ᠣᠷᠣᠯᠴᠠᠭᠴᠢ ᠪᠣᠯᠭᠠᠨ ᠪᠦᠷ ᠭᠤᠶ᠎ᠠ ᠳᠡᠭᠡᠷ᠎ᠡ ᠪᠠᠨ ᠬᠤᠷᠳᠤᠴᠠ ᠨᠡᠮᠡᠬᠦ ᠬᠡᠮᠵᠢᠭᠦᠷ ᠵᠡᠭᠦᠵᠦ᠂ ᠲᠡᠳᠡᠨ ᠤ ᠪᠦᠬᠦ ᠡᠳᠦᠷ ᠤᠨ ᠬᠥᠳᠡᠯᠭᠡᠭᠡᠨ ᠵᠡᠷᠭᠡ ᠶᠢ ᠬᠡᠮᠵᠢᠨ᠎ᠡ᠃ | ᠰᠤᠳᠤᠯᠭᠠᠨ ᠤ ᠪᠦᠯᠬᠦᠮ ᠵᠠᠭᠪᠤᠷ ᠢᠶᠠᠷ ᠳᠠᠮᠵᠢᠨ ᠣᠷᠣᠯᠴᠠᠭᠴᠢ ᠶᠢᠨ ᠡᠯ᠎ᠡ ᠵᠦᠢᠯ ᠤᠨ ᠬᠥᠳᠡᠯᠭᠡᠭᠡᠨ ᠤ ᠬᠡᠯᠪᠡᠷᠢ ᠶᠢᠨ ᠬᠤᠭᠤᠷᠣᠨᠳᠣ ᠰᠣᠯᠢᠬᠤ ᠨᠢ ᠴᠢᠰᠤᠨ | ᠳᠠᠷᠤᠯᠲᠠ ᠳᠤ ᠦᠵᠡᠭᠦᠯᠬᠦ ᠨᠥᠯᠥᠭᠡ ᠶᠢ ᠪᠠᠷᠤᠭᠴᠠᠭᠠᠯᠠᠨ ᠪᠣᠳᠣᠵᠠᠢ᠃ ᠰᠤᠳᠤᠯᠭᠠᠨ ᠳᠤ ᠵᠢᠱᠢᠭᠰᠡᠨ ᠢᠶᠠᠷ᠂ ᠡᠳᠦᠷ ᠪᠦᠷᠢ ᠢᠯᠡᠭᠦᠦ 5 ᠮᠢᠨᠦ᠋ᠲ ᠬᠥᠳᠡᠯᠭᠡᠭᠡᠨ ᠬᠢᠪᠡᠯ | ᠴᠢᠰᠤᠨ ᠳᠠᠷᠤᠯᠲᠠ ᠶᠢ ᠮᠡᠳᠡᠭᠳᠡᠮ᠎ᠡ ᠪᠠᠭᠤᠷᠠᠭᠤᠯᠵᠤ ᠴᠢᠳᠠᠨ᠎ᠠ︔ ᠡᠳᠦᠷ ᠪᠦᠷᠢ 20 — 27 ᠮᠢᠨᠦ᠋ᠲ ᠨᠡᠯᠢᠶᠡᠳ ᠰᠢᠷᠦᠭᠦᠨ ᠬᠥᠳᠡᠯᠭᠡᠭᠡᠨ ᠢᠶᠠᠷ ᠤᠳᠠᠭᠠᠨ | ᠰᠠᠭᠤᠬᠤ ᠶᠢ ᠣᠷᠣᠯᠠᠭᠤᠯᠪᠠᠯ᠂ ᠡᠮᠴᠢᠯᠡᠭᠡᠨ ᠤ ᠠᠴᠢ ᠬᠤᠯᠪᠣᠭᠳᠠᠯ ᠲᠠᠢ ᠴᠢᠰᠤᠨ ᠳᠠᠷᠤᠯᠲᠠ ᠶᠢ ᠪᠠᠭᠤᠷᠠᠭᠤᠯᠵᠤ ᠮᠡᠳᠡᠬᠦ ᠪᠥᠭᠡᠳ ᠬᠠᠮᠲᠤᠯᠢᠭ ᠤᠨ ᠲᠠᠯ᠎ᠠ ᠠᠴᠠ | ᠵᠢᠷᠦᠬᠡ ᠴᠢᠰᠤᠨ ᠰᠤᠳᠠᠯ ᠤᠨ ᠡᠪᠡᠳᠴᠢᠨ ᠤ ᠡᠭᠦᠰᠭᠦ ᠨᠣᠷᠮ᠎ᠠ ᠶᠢ 28 % ᠳᠤ ᠬᠦᠷᠲᠡᠯ᠎ᠡ ᠪᠠᠭᠤᠷᠠᠭᠤᠯᠵᠤ ᠮᠡᠳᠡᠨ᠎ᠡ᠃ ᠰᠤᠳᠤᠯᠭᠠᠨ ᠤ ᠠᠵᠢᠯᠲᠠᠨ᠂ ᠡᠨᠡ ᠬᠦ | ᠰᠢᠨ᠎ᠡ ᠰᠤᠳᠤᠯᠭᠠᠨ ᠳᠤ ᠬᠠᠷᠠᠭᠤᠯᠤᠬᠰᠡᠨ ᠢᠶᠠᠷ᠂ ᠪᠣᠳᠠᠭᠠᠯᠢ ᠪᠡᠶ᠎ᠡ ᠶᠢᠨ ᠪᠠᠶᠢᠳᠠᠯ ᠶᠠᠮᠠᠷ ᠪᠠᠶᠢᠭᠰᠠᠨ ᠴᠤ᠂ ᠡᠳᠦᠷ ᠪᠦᠷᠢ ᠣᠬᠤᠷ ᠬᠤᠭᠤᠴᠠᠭᠠᠨ ᠤ ᠬᠥᠳᠡᠯᠭᠡᠭᠡᠨ | ᠬᠢᠪᠠᠯ ᠴᠢᠰᠤᠨ ᠳᠠᠷᠤᠯᠲᠠ ᠳᠤ ᠢᠳᠡᠪᠬᠢᠲᠡᠶ ᠨᠥᠯᠥᠭᠡ ᠦᠵᠡᠭᠦᠯᠵᠦ ᠮᠡᠳᠡᠨ᠎ᠡ᠃ ᠡᠨᠡ ᠬᠦ ᠰᠤᠳᠤᠯᠭᠠᠨ ᠤ ᠨᠢᠭᠡ ᠣᠨᠴᠠᠭᠠᠶ ᠲᠠᠯ᠎ᠠ ᠭᠡᠪᠡᠯ ᠨᠡᠶᠢᠲᠡ ᠶᠢᠨ ᠮᠠᠰᠢᠨ | ᠲᠡᠷᠭᠡ᠂ ᠣᠶᠢᠷ᠎ᠠ ᠵᠠᠮ ᠤᠨ ᠳᠤᠭᠤᠶ ᠲᠡᠷᠭᠡ ᠵᠡᠷᠭᠡ ᠡᠳᠦᠷ ᠲᠤᠲᠤᠮ ᠤᠨ ᠬᠥᠳᠡᠯᠭᠡᠭᠡᠨ ᠢ ᠪᠠᠭᠲᠠᠭᠠᠵᠤ᠂ ᠲᠡᠳᠡᠭᠡᠷ ᠨᠢ ᠴᠥᠮ ᠪᠡᠶ᠎ᠡ ᠶᠢᠨ ᠲᠠᠮᠢᠷ ᠤᠨ | ᠪᠣᠯᠪᠠᠰᠤᠷᠠᠯ ᠲᠠᠢ ᠠᠳᠠᠯᠢᠪᠲᠤᠷ ᠦᠷ᠎ᠡ ᠳ᠋ᠦᠩ ᠢ ᠭᠠᠷᠭᠠᠵᠤ ᠴᠢᠳᠠᠨ᠎ᠠ ᠭᠡᠵᠤ ᠢᠯᠡᠳᠭᠡᠪᠡ᠃ | |