ᠤᠯᠤᠰ ᠤᠨ ᠡᠮᠴᠢᠯᠡᠭᠡᠨ᠋ ᠤ᠊ ᠪᠠᠲᠤᠯᠠᠭ᠎ᠠ ᠶᠢᠨ ᠲᠣᠪᠴᠢᠶ᠎ᠠ ᠵᠡᠷᠭᠡ ᠲᠤᠯᠤᠬᠠᠨ ᠰᠠᠯᠠᠭ᠎ᠠ ᠮᠥᠴᠢᠷ ᠬᠠᠮᠲᠤᠷᠠᠨ ︽ᠵᠤᠵᠢᠭ ᠬᠡᠮ ᠲᠠᠢ ᠬᠡᠦᠬᠡᠳ᠋᠊ ᠢ᠊ ᠬᠠᠯᠠᠮᠵᠢᠯᠠᠨ | ᠬᠠᠶ᠋ᠢᠷᠠᠯᠠᠬᠤ ᠶᠢ ᠠᠬᠢᠭᠤᠯᠬᠤ ᠠᠵᠢᠯᠯᠠᠭ᠎ᠠ ᠶᠢᠨ ᠬᠡᠷᠡᠭᠵᠢᠭᠦᠯᠬᠦ ᠲᠥᠰᠥᠯ ︵2024 — 2028 ᠣᠨ︶︾ ᠢ᠊ ᠨᠡᠶ᠋ᠢᠲᠡᠯᠡᠪᠡ᠃ 29 ᠵᠦᠢᠯ ᠤᠨ ᠡᠮᠴᠢᠯᠡᠭᠡ | ᠡᠷᠡᠭᠦᠯᠵᠢᠯ ᠤᠨ ᠵᠦᠢᠯᠡᠰ ᠢ᠊ ᠦᠨᠳᠦᠰᠦᠨ ᠡᠮ ᠡᠮᠨᠡᠯᠭᠡ ᠶᠢᠨ ᠳᠠᠬᠠᠳᠬᠠᠯ ᠤᠨ ᠳᠤᠬᠠᠴᠠᠭᠠ ᠬᠢᠬᠦ ᠬᠡᠪᠴᠢᠶᠡᠨ᠋ ᠲᠤ ᠣᠷᠣᠭᠤᠯᠤᠨ᠎ᠠ ᠭᠡᠵᠦ ᠳᠤᠷᠠᠳᠴᠠᠢ᠃ | ᠲᠤᠰ ᠲᠥᠰᠥᠯ ᠲᠤ ᠮᠠᠨ᠋ ᠤ᠊ ᠤᠯᠤᠰ 5 ᠵᠢᠯ ᠣᠷᠴᠢᠮ ᠤᠨ ᠴᠠᠭ᠋ ᠢ᠊ ᠬᠡᠷᠡᠭᠰᠡᠵᠦ ᠪᠠᠶ᠋ᠢᠬᠠᠳ ᠵᠤᠵᠢᠭ ᠬᠡᠮ ᠲᠠᠢ ᠬᠡᠦᠬᠡᠳ᠋᠊ ᠢ᠊ ᠬᠠᠯᠠᠮᠵᠢᠯᠠᠨ ᠬᠠᠶ᠋ᠢᠷᠠᠯᠠᠬᠤ | ᠦᠢᠯᠡᠴᠢᠯᠡᠭᠡᠨ᠋ ᠤ᠊ ᠠᠵᠢᠯ ᠤᠨ ᠲᠣᠭᠲᠠᠴᠠ᠂ ᠦᠢᠯᠡᠴᠢᠯᠡᠭᠡᠨ᠋ ᠤ᠊ ᠰᠢᠰᠲ᠋ᠧᠮ ᠢ᠊ ᠲᠡᠭᠦᠯᠳᠡᠷᠵᠢᠭᠦᠯᠬᠦ ᠶᠢ ᠠᠬᠢᠭᠤᠯᠵᠤ᠂ ᠵᠤᠵᠢᠭ ᠬᠡᠮ ᠲᠠᠢ ᠬᠡᠦᠬᠡᠳ᠋ᠲ᠋ᠤ | ᠦᠢᠯᠡᠴᠢᠯᠡᠬᠦ ᠴᠢᠳᠠᠪᠤᠷᠢ ᠪᠠ ᠪᠠᠲᠤᠯᠠᠭ᠎ᠠ ᠶᠢᠨ ᠨᠥᠬᠦᠴᠡᠯ ᠢ᠊ ᠳᠡᠭᠡᠭᠰᠢᠯᠡᠭᠦᠯᠵᠦ᠂ ᠵᠤᠵᠢᠭ ᠬᠡᠮ ᠲᠠᠢ ᠬᠡᠦᠬᠡᠳ᠋᠊ ᠤᠨ ᠦᠰᠦᠨ ᠪᠤᠶ᠋ᠢᠵᠢᠬᠤ᠂ ᠬᠥᠭᠵᠢᠬᠦ ᠣᠷᠴᠢᠨ | ᠨᠥᠬᠦᠴᠡᠯ ᠢ᠊ ᠪᠦᠲᠦᠮᠵᠢᠲᠡᠶ ᠰᠠᠶ᠋ᠢᠵᠢᠷᠠᠭᠤᠯᠤᠨ᠎ᠠ᠃ 2024 ᠣᠨ᠎ᠠ ᠴᠠ 2025 ᠣᠨ ᠪᠣᠯᠲᠠᠯ᠎ᠠ ᠡᠯ᠎ᠡ ᠮᠤᠵᠢ ᠣᠷᠣᠨ ᠨᠥᠬᠦᠴᠡᠯ ᠲᠠᠢ ᠬᠤᠲᠠ᠂ ᠰᠢᠶᠠᠨ᠋ ᠢ᠊ | ᠰᠣᠩᠭᠤᠵᠤ᠂ ᠵᠤᠵᠢᠭ ᠬᠡᠮ ᠲᠠᠢ ᠬᠡᠦᠬᠡᠳ᠋᠊ ᠢ᠊ ᠬᠠᠯᠠᠮᠵᠢᠯᠠᠨ ᠬᠠᠶ᠋ᠢᠷᠠᠯᠠᠬᠤ ᠠᠵᠢᠯ ᠤᠨ ᠲᠣᠭᠲᠠᠴᠠ ᠶᠢ ᠤᠷᠢᠳ ᠵᠶᠠᠷ ᠪᠦᠷᠢᠨᠰᠢᠭᠦᠯᠦᠨ᠎ᠡ᠃ 2025 ᠣᠨ᠎ᠠ ᠴᠠ | 2028 ᠣᠨ ᠪᠣᠯᠲᠠᠯ᠎ᠠ ᠪᠣᠶ ᠪᠦᠬᠦᠢ ᠬᠤᠲᠠ᠂ ᠰᠢᠶᠠᠨ᠋ ᠲᠤ ᠵᠤᠵᠢᠭ ᠬᠡᠮ ᠲᠠᠢ ᠬᠡᠦᠬᠡᠳ᠋᠊ ᠢ᠊ ᠬᠠᠯᠠᠮᠵᠢᠯᠠᠨ ᠬᠠᠶ᠋ᠢᠷᠠᠯᠠᠬᠤ ᠠᠵᠢᠯ ᠤᠨ ᠲᠣᠭᠲᠠᠴᠠ ᠶᠢ ᠨᠡᠶ᠋ᠢᠳᠡᠮ | ᠲᠡᠭᠦᠯᠳᠡᠷᠵᠢᠭᠦᠯᠬᠦ ᠶᠢ ᠠᠬᠢᠭᠤᠯᠵᠤ᠂ ᠵᠤᠵᠢᠭ ᠬᠡᠮ ᠲᠠᠢ ᠬᠡᠦᠬᠡᠳ᠋᠊ ᠤᠨ ᠬᠥᠭᠵᠢᠯᠲᠡ ᠶᠢᠨ ᠪᠥᠬᠦ ᠶᠠᠪᠤᠴᠠ ᠶᠢᠨ ᠦᠢᠯᠡᠴᠢᠯᠡᠭᠡᠨ᠋ ᠤ᠊ ᠰᠢᠰᠲ᠋ᠧᠮ ᠤᠨ | ᠪᠠᠶ᠋ᠢᠭᠤᠯᠤᠯᠲᠠ ᠶᠢᠨ ᠡᠭᠦᠷᠭᠡ ᠪᠠ ᠬᠠᠯᠠᠮᠵᠢᠯᠠᠨ ᠬᠠᠶ᠋ᠢᠷᠠᠯᠠᠬᠤ ᠦᠢᠯᠡᠴᠢᠯᠡᠭᠡᠨ᠋ ᠤ᠊ ᠠᠷᠭ᠎ᠠ ᠬᠡᠮᠵᠢᠶ᠎ᠡ ᠶᠢ ᠨᠠᠶ᠋ᠢᠳᠠᠪᠤᠷᠢᠵᠢᠭᠤᠯᠤᠨᠠ ᠭᠡᠵᠦ ᠳᠤᠷᠠᠳᠴᠠᠢ᠃ | ᠠᠵᠢᠯᠯᠠᠭ᠎ᠠ ᠶᠢᠨ ᠬᠤᠭᠤᠴᠠᠬᠠᠨ᠋ ᠲᠤ ᠡᠯ᠎ᠡ ᠭᠠᠵᠠᠷ ᠤᠨ᠋ ᠬᠢᠨ ᠵᠤᠵᠢᠭ ᠬᠡᠮ ᠲᠠᠢ ᠬᠡᠦᠬᠡᠳ᠋᠊ ᠤᠨ ᠡᠮᠴᠢᠯᠡᠭᠡᠨ᠋ ᠤ᠊ ᠪᠠᠲᠤᠯᠠᠭ᠎ᠠ ᠪᠠ ᠡᠷᠡᠭᠦᠯᠵᠢᠯ ᠤᠨ ᠠᠪᠤᠷᠠᠨ | ᠲᠤᠰᠠᠯᠠᠬᠤ ᠠᠵᠢᠯ ᠢ᠊ ᠴᠢᠩᠬᠠᠳᠬᠠᠵᠤ᠂ ᠵᠤᠵᠢᠭ ᠬᠡᠮ ᠲᠠᠢ ᠬᠡᠦᠬᠡᠳ᠋᠊ ᠤᠨ ᠭᠡᠷ ᠪᠦᠯᠢ ᠶᠢᠨ ᠡᠮᠴᠢᠯᠡᠭᠡ ᠬᠢᠭᠡᠳ ᠡᠷᠡᠭᠦᠯᠵᠢᠯ ᠤᠨ ᠳᠠᠷᠤᠬᠠᠰᠤ ᠶᠢ ᠬᠥᠩᠭᠡᠷᠡᠭᠦᠯᠵᠦ᠂ | ᠣᠲᠣ ᠦᠶ᠎ᠡ ᠶᠢᠨ ᠡᠷᠡᠭᠦᠯᠵᠢᠯ᠂ ᠬᠢᠲᠠᠳ ᠡᠮᠨᠡᠯᠭᠡ ᠶᠢᠨ ᠡᠷᠡᠭᠦᠯᠵᠢᠯ ᠵᠡᠷᠭᠡ 29 ᠵᠦᠢᠯ ᠤᠨ ᠡᠮᠴᠢᠯᠡᠭᠡᠨ᠋ ᠤ᠊ ᠡᠷᠡᠭᠦᠯᠵᠢᠯ ᠤᠨ ᠲᠥᠷᠥᠯ ᠵᠦᠢᠯ ᠢ᠊ ᠦᠨᠳᠦᠰᠦᠨ | ᠡᠮ ᠡᠮᠨᠡᠯᠭᠡ ᠶᠢᠨ ᠳᠠᠬᠠᠳᠬᠠᠯ ᠤᠨ ᠲᠣᠬᠠᠴᠠᠭᠠ ᠬᠢᠬᠦ ᠬᠡᠪᠴᠢᠶᠡᠨ᠋ ᠲᠤ ᠣᠷᠣᠭᠤᠯᠬᠤ ᠱᠠᠬᠠᠷᠳᠠᠯᠭᠠ ᠶᠢ ᠨᠠᠶ᠋ᠢᠳᠠᠪᠤᠷᠢᠵᠢᠭᠤᠯᠬᠤ ᠬᠡᠷᠡᠭᠲᠡᠢ᠃ ᠨᠥᠬᠦᠴᠡᠯ ᠲᠠᠢ ᠭᠠᠵᠠᠷ | ᠣᠷᠣᠨ᠋ ᠨᠢ ᠰᠠᠭᠤᠷᠢ ᠮᠥᠩᠭᠦᠨ᠋ ᠤ᠊ ᠳᠠᠬᠠᠬᠠᠬᠤ ᠴᠢᠳᠠᠪᠤᠷ᠊ ᠢ ᠲᠠᠢ ᠤᠶᠠᠯᠳᠤᠭᠤᠯᠤᠨ ᠡᠭᠦᠳᠡᠨ ᠡᠮᠨᠡᠯᠭᠡ ᠶᠢᠨ ᠪᠠᠲᠤᠯᠠᠭ᠎ᠠ ᠶᠢ ᠴᠢᠩᠬᠠᠳᠬᠠᠬᠤ ᠶᠢᠨ ᠬᠠᠮᠲᠤ | ᠡᠷᠡᠭᠦᠯᠵᠢᠯ ᠤᠨ ᠠᠪᠤᠷᠠᠨ ᠲᠤᠰᠠᠯᠠᠬᠤ ᠪᠠᠷᠢᠮᠵᠢᠶ᠎ᠠ ᠶᠢ ᠢᠳᠡᠪᠬᠢᠲᠡᠢ ᠳᠡᠭᠡᠭᠰᠢᠯᠡᠭᠦᠯᠵᠦ᠂ ᠠᠪᠤᠷᠠᠨ ᠲᠤᠰᠠᠯᠠᠬᠤ ᠨᠠᠰᠤᠨ᠋ ᠤ᠊ ᠬᠡᠪᠴᠢᠶ᠎ᠡ ᠶᠢ ᠥᠷᠭᠡᠳᠬᠡᠨ᠂ ᠨᠥᠬᠦᠴᠡᠯ | ᠲᠤ ᠨᠡᠶ᠋ᠢᠴᠡᠬᠦ ᠵᠤᠵᠢᠭ ᠬᠡᠮ ᠲᠠᠢ ᠬᠡᠦᠬᠡᠳ᠋᠊ ᠢ᠊ ︽ᠠᠪᠤᠷᠠᠪᠠᠯ ᠵᠣᠬᠢᠬᠤ ᠵ᠊ ᠢ ᠨᠢ ᠪᠦᠬᠦᠨ᠋ ᠢ᠊ ᠠᠪᠤᠷᠠᠬᠤ︾ ᠶᠢ ᠦᠨᠡᠨᠬᠦ ᠪᠠᠲᠤᠯᠠᠬᠤ ᠬᠡᠷᠡᠭᠲᠡᠢ᠃ | ᠡᠯ᠎ᠡ ᠭᠠᠵᠠᠷ ᠤᠨ᠋ ᠬᠢᠨ ᠲᠠᠰ ᠳᠠᠪᠬᠤᠷᠭ᠎ᠠ ᠲᠥᠷᠥᠯ ᠬᠤᠪᠢᠶᠠᠭᠰᠠᠨ ᠨᠡᠶ᠋ᠢᠭᠡᠮ ᠤᠨ ᠠᠪᠤᠷᠠᠨ ᠲᠤᠰᠠᠯᠠᠬᠤ ᠰᠢᠰᠲ᠋ᠧᠮ ᠢ᠊ ᠪᠦᠷᠢᠨᠰᠢᠭᠦᠯᠵᠦ᠂ ᠨᠥᠬᠦᠴᠡᠯ ᠲᠤ | ᠨᠡᠶ᠋ᠢᠴᠡᠬᠦ ᠵᠤᠵᠢᠭ ᠬᠡᠮ ᠲᠠᠢ ᠬᠡᠦᠬᠡᠳ᠋᠊ ᠤᠨ ᠭᠡᠷ ᠪᠦᠯᠢ ᠶᠢ ᠠᠮᠢᠳᠤᠷᠠᠯ ᠤᠨ ᠨᠠᠬᠠᠲᠤ ᠵᠠᠬ᠎ᠠ ᠶᠢᠨ ᠪᠠᠲᠤᠯᠠᠭ᠎ᠠ ᠵᠡᠷᠭᠡ ᠨᠡᠶ᠋ᠢᠭᠡᠮ ᠤᠨ ᠠᠪᠤᠷᠠᠨ ᠲᠤᠰᠠᠯᠠᠬᠤ | ᠪᠠᠲᠤᠯᠠᠭ᠎ᠠ ᠶᠢᠨ ᠲᠥᠷᠥ ᠶᠢᠨ ᠪᠣᠳᠣᠯᠭ᠎ᠠ ᠶᠢᠨ ᠬᠡᠪᠴᠢᠶᠡᠨ᠋ ᠲᠤ ᠣᠷᠣᠭᠤᠯᠬᠤ ᠬᠡᠷᠡᠭᠲᠡᠢ᠃ ᠭᠡᠨᠡᠳᠲᠡ ᠶᠢᠨ ᠬᠡᠷᠡᠭ᠂ ᠰᠠᠨᠠᠬᠠᠨ᠋ ᠲᠤ ᠦᠭᠡᠢ ᠭᠡᠮᠲᠦᠯ ᠲᠤ | ᠤᠴᠠᠷᠠᠭᠰᠠᠨ ᠵᠡᠷᠭᠡ ᠪᠠᠶ᠋ᠢᠳᠠᠯ᠂ ᠦᠨᠳᠦᠰᠦᠨ ᠠᠮᠢᠳᠤᠷᠠᠯ ᠨᠢ ᠬᠦᠴᠢᠷᠳᠡᠯ ᠲᠤ ᠲᠤᠯᠬᠠᠷᠠᠭᠰᠠᠨ ᠵᠤᠵᠢᠭ ᠬᠡᠮ ᠲᠠᠢ ᠬᠡᠦᠬᠡᠳ᠋᠊ ᠤᠨ ᠭᠡᠷ ᠪᠦᠯ᠊ ᠢ ᠲᠤ ᠡᠯ᠎ᠡ ᠭᠠᠵᠠᠷ | ᠤᠨ᠋ ᠬᠢᠨ ᠲᠦᠷ ᠴᠠᠭ᠋ ᠤᠨ ᠲᠤᠰᠠᠯᠠᠮᠵᠢ ᠦᠵᠡᠭᠦᠯᠬᠦ ᠬᠡᠷᠡᠭᠲᠡᠢ᠃ ᠨᠥᠬᠦᠴᠡᠯ ᠲᠠᠢ ᠭᠠᠵᠠᠷ ᠣᠷᠣᠨ᠋ ᠨᠢ ᠬᠦᠨᠳᠦ ᠵᠡᠮᠳᠡᠭᠴᠦᠳ᠋᠊ ᠢ᠊ ᠰᠤᠪᠢᠯᠠᠬᠤ ᠨᠥᠬᠦᠪᠦᠷᠢ ᠶᠢᠨ | ᠬᠦᠷᠢᠶ᠎ᠡ ᠬᠡᠪᠴᠢᠶ᠎ᠡ ᠪᠠᠨ ᠭᠤᠷᠪᠠ᠂ ᠳᠥᠷᠪᠡᠳᠦᠭᠡᠷ ᠳᠡᠰ ᠤᠨ ᠣᠶᠤᠨ ᠰᠠᠨᠠᠬᠠᠨ᠋ ᠤ᠊ ᠵᠡᠮᠳᠡᠭᠴᠦᠳ ᠬᠦᠷᠲᠡᠯ᠎ᠡ ᠥᠷᠭᠡᠳᠬᠡᠵᠦ ᠪᠣᠯᠣᠨ᠎ᠠ᠃ | ᠡᠭᠦᠨᠠ ᠴᠠ ᠭᠠᠳᠠᠨ᠎ᠠ ᠮᠠᠨ᠋ ᠤ᠊ ᠤᠯᠤᠰ ᠠᠯᠪᠠᠨ ᠵᠢᠷᠤᠮ ᠤᠨ ᠰᠤᠷᠬᠠᠨ ᠬᠥᠮᠦᠵᠢᠯ ᠤᠨ ᠱᠠᠲᠤᠨ᠋ ᠤ᠊ ᠵᠤᠵᠢᠭ ᠬᠡᠮ ᠲᠠᠢ ᠰᠤᠷᠤᠭᠴᠢ ᠶᠢᠨ ᠤᠨᠴᠠᠬᠠᠢ | ᠰᠤᠷᠬᠠᠨ ᠬᠦᠮᠦᠵᠢᠯ ᠬᠦᠷᠳᠡᠬᠦ ᠬᠥᠮᠥᠨ ᠳᠤᠮᠳᠠᠴᠢ ᠶᠢᠨ ᠨᠡᠶ᠋ᠢᠲᠡ ᠶᠢᠨ ᠬᠡᠷᠡᠭᠯᠡᠭᠡᠨ᠋ ᠤ᠊ ᠵᠠᠷᠤᠳᠠᠯ ᠤᠨ ᠪᠠᠷᠢᠮᠵᠢᠶ᠎ᠠ ᠶᠢ ᠨᠠᠶ᠋ᠢᠳᠠᠪᠤᠷᠢᠵᠢᠭᠤᠯᠬᠤ ᠶᠢ ᠠᠬᠢᠭᠤᠯᠵᠤ᠂ | ᠰᠣᠷᠣᠭᠴᠢ ᠨᠢᠭᠡᠪᠦᠷᠢ ᠵᠢᠯ ᠲᠤ 6000 ᠲᠥᠭᠦᠷᠢᠭ ᠪᠠᠶ᠋ᠢᠭᠰᠠᠨᠠ ᠴᠠ 7000 ᠲᠥᠭᠦᠷᠢᠭᠠ ᠴᠠ ᠳᠡᠭᠡᠭᠰᠢ ᠪᠣᠯᠲᠠᠯ᠎ᠠ ᠳᠡᠭᠡᠭᠰᠢᠯᠡᠭᠦᠯᠦᠨ᠎ᠡ︔ ᠭᠡᠷ ᠪᠦᠯᠢ ᠶᠢᠨ | ᠠᠵᠤ ᠠᠬᠤ᠋ ᠢ ᠨᠢ ᠬᠦᠴᠢᠷᠳᠡᠯᠲᠡᠢ ᠵᠤᠵᠢᠭ ᠬᠡᠮ ᠲᠠᠢ ᠰᠤᠷᠤᠭᠴᠢᠳ᠋ᠲ᠋ᠤ ᠥᠨᠳᠥᠷ ᠵᠡᠷᠭᠡ ᠶᠢᠨ ᠳᠤᠮᠳᠠᠳᠤ ᠰᠤᠷᠬᠠᠭᠤᠯᠢ ᠶᠢᠨ ᠱᠠᠳᠤᠨ᠋ ᠲᠤ ᠰᠦᠢᠳᠬᠡᠯ ᠬᠤᠷᠢᠶᠠᠬᠤ | ᠦᠭᠡᠢ ᠰᠤᠷᠬᠠᠨ ᠬᠥᠮᠦᠵᠢᠯ ᠬᠦᠷᠲᠡᠭᠡᠨ᠎ᠡ᠃ ᠬᠠᠮᠢᠶ᠎ᠠ ᠪᠦᠬᠦᠢ ᠰᠠᠯᠠᠭ᠎ᠠ ᠮᠥᠴᠢᠷ ᠤᠳ ᠣᠲᠣ ᠶᠢᠨ ᠪᠠᠶ᠋ᠢᠭ᠎ᠠ ᠵᠤᠵᠢᠭ ᠬᠡᠮ ᠲᠠᠢ ᠰᠤᠷᠤᠭᠴᠢ ᠶᠢ ᠬᠦᠮᠦᠵᠢᠭᠦᠯᠬᠦ | ᠰᠤᠷᠬᠠᠭᠤᠯᠢ᠂ ᠨᠥᠬᠦᠴᠡᠯ ᠲᠠᠢ ᠣᠨᠴᠠᠬᠠᠢ ᠰᠤᠷᠬᠠᠨ ᠬᠥᠮᠦᠵᠢᠯ ᠤᠨ ᠰᠤᠷᠬᠠᠭᠤᠯᠢ᠂ ᠶᠡᠭᠡ ᠳᠡᠭᠡᠳᠦ ᠰᠤᠷᠬᠠᠭᠤᠯᠢ ᠵᠡᠷᠭ᠊ ᠡ ᠲᠤ ᠲᠦᠰᠢᠭᠯᠡᠨ ᠣᠷᠣᠨ ᠪᠦᠰᠡ ᠶᠢᠨ | ᠵᠤᠵᠢᠭ ᠬᠡᠮ ᠲᠠᠢ ᠬᠡᠦᠬᠡᠳ᠋᠊ ᠤᠨ ᠰᠤᠷᠬᠠᠨ ᠬᠥᠮᠦᠵᠢᠯ ᠤᠨ ᠵᠢᠯᠤᠭᠤᠳᠬᠤ ᠲᠥᠪ ᠪᠠᠶ᠋ᠢᠭᠤᠯᠬᠤ ᠶᠢ ᠳᠡᠮᠵᠢᠵᠦ᠂ ᠰᠤᠷᠬᠠᠭᠤᠯᠢ᠂ ᠭᠡᠷ ᠪᠦᠯᠢ ᠪᠠ ᠨᠡᠶ᠋ᠢᠭᠡᠮ ᠲᠣᠭᠤᠷᠢᠭ᠋ | ᠲᠠᠬᠢ ᠵᠢᠯᠣᠭᠤᠳᠤᠯᠭ᠎ᠠ ᠶᠢ ᠴᠢᠩᠬᠠᠳᠬᠠᠨ᠂ ᠵᠤᠵᠢᠭ ᠬᠡᠮ ᠲᠠᠢ ᠬᠡᠦᠬᠡᠳ᠋ᠲ᠋ᠤ ᠬᠠᠨᠳᠤᠭᠤᠯᠤᠭᠰᠠᠨ ᠣᠨᠴᠠᠬᠠᠢ ᠰᠤᠷᠬᠠᠨ ᠬᠥᠮᠦᠵᠢᠯ ᠤᠨ ᠦᠢᠯᠡᠴᠢᠯᠡᠭᠡᠨ᠋ ᠤ᠊ | ᠲᠣᠭᠲᠠᠴᠠ ᠶᠢ ᠠᠯᠬᠤᠮ ᠠᠯᠬᠤᠮ ᠵᠶᠠᠷ ᠲᠡᠭᠦᠯᠳᠡᠷᠵᠢᠭᠦᠯᠦᠨ᠎ᠡ᠃ | |