ᠠᠮᠧᠷᠢᠺᠠ ᠶᠢᠨ ᠢᠯᠢᠨᠦ᠋ᠢᠰ ᠶᠡᠭᠡ ᠰᠤᠷᠬᠠᠭᠤᠯᠢ ᠶᠢᠨ ᠤᠷᠪᠠᠨᠠ — ᠱᠠᠮᠫᠸᠢᠨ ᠬᠤᠪᠢᠶᠠᠷᠢ ᠰᠤᠷᠬᠠᠭᠤᠯᠢ ᠶᠢᠨ ᠤᠷᠴᠢᠮ ᠤᠨ ᠨᠢᠭᠡᠨ ᠰᠢᠨᠡ ᠰᠤᠳᠤᠯᠬᠠᠨ᠋ ᠲᠤ | ᠢᠯᠡᠷᠡᠭᠦᠯᠦᠭᠰᠡᠨ ᠵᠶᠠᠷ᠂ ᠰᠤᠷᠬᠤ ᠨᠠᠰᠤᠨ᠋ ᠤ᠊ ᠬᠡᠥᠬᠡᠳ ᠢᠽᠥᠹᠯᠠᠸᠥᠨ ᠠᠷᠪᠢᠨ ᠠᠭᠤᠯᠤᠭᠰᠠᠨ ᠰᠢᠷᠠ ᠪᠤᠷᠴᠠᠭ᠋ ᠤᠨ ᠢᠳᠡᠭᠡᠨ ᠢᠳᠡᠭᠰᠡᠨ᠋ ᠤ᠊ ᠳᠠᠷᠠᠭᠠ᠂ | ᠰᠡᠳᠭᠢᠬᠦ ᠴᠢᠳᠠᠪᠤᠷᠢ ᠪᠠ ᠠᠩᠬᠠᠷᠤᠯ ᠨᠢ ᠳᠡᠭᠡᠭᠰᠢᠯᠡᠨᠡ ᠭᠡᠵᠡᠢ᠃ ᠢᠽᠥᠹᠯᠠᠸᠥᠨ ᠪᠣᠯ ᠡᠯᠡ ᠵᠦᠢᠯ ᠤᠨ ᠤᠷᠭᠤᠮᠠᠯ ᠤᠨ ᠳᠣᠲᠣᠷᠠ ᠨᠡᠶ᠋ᠢᠲᠡᠯᠢᠭ ᠤᠷᠤᠰᠢᠳᠠᠭ | ᠨᠢᠭᠡᠳᠪᠦᠷᠢ ᠪᠠᠶ᠋ᠢᠵᠤ᠂ ᠣᠨᠴᠠᠬᠠᠶ᠋ᠢᠯᠠᠨ ᠰᠢᠷᠠ ᠪᠤᠷᠴᠠᠭ ᠪᠣᠯᠣᠨ ᠪᠤᠷᠴᠠᠭ᠋ ᠤᠨ ᠪᠦᠲᠦᠭᠡᠭᠳᠡᠬᠦᠨ᠋ ᠤ᠊ ᠳᠣᠲᠣᠷᠠ ᠠᠭᠤᠯᠤᠭᠳᠠᠴ᠊ ᠠ ᠪᠠᠷ ᠠᠷᠪᠢᠨ ᠪᠠᠶ᠋ᠢᠳᠠᠭ᠃ | ᠰᠢᠷᠠ ᠪᠤᠷᠴᠠᠭ᠋ ᠤᠨ ᠢᠽᠥᠹᠯᠠᠸᠥᠨ᠋ ᠤ᠊ ᠳᠠᠯᠳᠠ ᠨᠢᠭᠤᠴᠠᠯᠢᠭ ᠠᠰᠢᠭ ᠲᠤᠰᠠ ᠶᠢ ᠰᠤᠳᠤᠯᠬᠤ ᠶᠢᠨ ᠲᠥᠯᠥᠭᠡ᠂ ᠰᠤᠳᠤᠯᠬᠠᠨ᠋ ᠤ᠊ ᠪᠦᠯᠬᠦᠮ ᠤᠨ᠋ ᠬᠢᠨ | ᠡᠮᠦᠨᠡᠬᠢ ᠨᠢᠭᠡ ᠰᠤᠳᠤᠯᠬᠠᠨ᠋ ᠤ᠊ ᠲᠤᠭᠠ ᠪᠠᠷᠢᠮᠲᠠ ᠶᠢ ᠡᠷᠭᠢᠴᠡᠭᠦᠯᠪᠡ᠂ ᠲᠤᠰ ᠰᠤᠳᠤᠯᠬᠠᠨ᠋ ᠲᠤ 7 ᠨᠠᠰᠤᠨᠠ ᠴᠠ 13 ᠨᠠᠰᠤᠨ᠋ ᠤ᠊ 128 ᠬᠡᠦᠬᠡᠳ | ᠬᠤᠯᠪᠣᠭᠳᠠᠵᠠᠢ᠃ ᠡᠲᠡᠭᠡᠷ ᠬᠡᠦᠬᠡᠳ᠋᠊ ᠤᠨ 7 ᠡᠳᠦᠷ ᠤᠨ ᠢᠳᠡᠭᠡᠨ ᠤᠮᠳᠠᠬᠠᠨ᠋ ᠤ᠊ ᠲᠡᠮᠳᠡᠭᠯᠡᠯ ᠤᠨ ᠮᠡᠳᠡᠭᠡ ᠵᠠᠩᠭᠢ ᠶᠢ ᠦᠨᠳᠦᠰᠦᠯᠡᠵᠤ᠂ ᠢᠽᠥᠹᠯᠠᠸᠥᠨ᠋ ᠢ᠊ | ᠪᠠᠭᠲᠠᠬᠠᠭᠰᠠᠨ ᠬᠡᠦᠬᠡᠳ ᠨᠢᠭᠡᠪᠦᠷᠢ ᠶᠢᠨ ᠢᠳᠡᠭᠡᠨ ᠤᠮᠳᠠᠬᠠᠨ᠋ ᠤ᠊ ᠳᠤᠮᠳᠠᠴᠢ ᠬᠡᠮᠵᠢᠶᠡ ᠶᠢ ᠪᠤᠳᠤᠵᠤ ᠭᠠᠷᠬᠠᠵᠠᠢ᠃ ᠬᠡᠦᠬᠡᠳ᠋᠊ ᠤᠨ ᠡᠩ᠊ ᠤᠨ ᠤᠶᠤᠨ | ᠴᠢᠳᠠᠪᠤᠷᠢ ᠶᠢᠨ ᠬᠢᠷᠢ ᠬᠡᠮᠵᠢᠶᠡ ᠶᠢ ᠦᠨᠡᠯᠡᠬᠦ ᠶᠢᠨ ᠲᠥᠯᠥᠭᠡ᠂ ᠪᠦᠯᠬᠦᠮ ᠤᠨ᠋ ᠬᠢᠨ ᠨᠢᠭᠡᠨ ᠰᠢᠯᠬᠠᠯᠲᠠ ᠠᠪᠴᠦ᠂ ᠪᠠᠰᠠ ᠺᠣᠮᠫᠢᠦ᠋ᠲ᠋ᠧᠷ ᠤᠨ ᠰᠢᠯᠬᠠᠯᠳ᠋᠊ ᠠ ᠪᠠᠷ | ᠠᠩᠬᠠᠷᠤᠯ ᠢ᠊ ᠦᠨᠡᠯᠡᠨ ᠰᠢᠯᠬᠠᠬᠤ ᠶᠢᠨ ᠬᠠᠮᠲᠤ ᠬᠡᠦᠬᠡᠳ᠋᠊ ᠤᠨ ᠲᠠᠷᠢᠬᠢᠨ᠋ ᠤ᠊ ᠴᠠᠬᠢᠯᠬᠠᠨ ᠳᠣᠯᠭᠢᠶᠠᠨ᠋ ᠤ᠊ ᠠᠵᠢᠯᠯᠠᠭᠠ ᠶᠢ ᠲᠡᠮᠳᠡᠭᠯᠡᠵᠦ᠂ ᠰᠤᠷᠠᠭ ᠵᠠᠩᠭᠢ ᠶᠢ | ᠰᠢᠢᠳᠪᠦᠷᠢᠯᠡᠬᠦ ᠬᠤᠷᠳᠤᠴᠠ ᠪᠠ ᠠᠩᠬᠠᠷᠤᠯ ᠤᠨ ᠲᠥᠪᠯᠡᠷᠡᠯ ᠤᠨ ᠬᠡᠮᠵᠢᠶᠡ ᠶᠢ ᠬᠡᠮᠵᠢᠵᠡᠢ᠃ ᠵᠠᠳᠠᠯᠤᠯᠳ᠋᠊ ᠠᠠ ᠴᠠ ᠦᠵᠡᠪᠡᠯ᠂ ᠪᠤᠷᠴᠠᠭ᠋ ᠤᠨ ᠲᠥᠷᠥᠯ ᠤᠨ | ᠢᠳᠡᠭᠡᠨ᠋ ᠢ᠊ ᠨᠠᠩ ᠠᠷᠪᠢᠨ ᠢᠳᠡᠵᠦ ᠪᠠᠶ᠋ᠢᠭᠠ ᠲᠡᠳᠡᠭᠡᠷ ᠬᠡᠦᠬᠡᠳ᠋᠊ ᠤᠨ ᠠᠩᠬᠠᠷᠤᠯ ᠨᠢ ᠨᠠᠩ ᠲᠦᠷᠭᠡᠨ ᠲᠤᠰᠬᠠᠯ ᠤᠨ ᠬᠤᠷᠳᠤᠴᠠ ᠪᠠ ᠰᠢᠢᠳᠪᠦᠷᠢᠯᠡᠬᠦ ᠬᠤᠷᠳᠤᠴ᠊ | ᠠ ᠲᠠᠢ ᠶᠢ ᠢᠯᠡᠷᠡᠭᠦᠯᠵᠡᠢ᠃ | ᠰᠤᠳᠤᠯᠬᠠᠨ᠋ ᠤ᠊ ᠠᠵᠢᠯᠲᠠᠨ ᠢᠯᠡᠷᠬᠡᠶ᠋ᠢᠯᠡᠭ᠊ ᠦᠲ᠋ᠡᠭᠡᠨ᠂ ᠪᠠᠷᠤᠭ 230 ᠭᠷᠡᠮ ᠤᠨ ᠪᠤᠷᠴᠠᠭ᠋ ᠤᠨ ᠵᠤᠲᠠᠩᠲ᠋ᠤ ᠪᠠᠷᠤᠭ 28 ᠮᠢᠯᠢᠭᠷᠡᠮ ᠢᠽᠥᠹᠯᠠᠸᠥᠨ | ᠠᠭᠤᠯᠤᠭᠳᠠᠵᠤ ᠪᠠᠶ᠋ᠢᠨᠠ᠃ ᠢᠽᠥᠹᠯᠠᠸᠥᠨ᠋ ᠢ᠊ ᠰᠢᠩᠭᠡᠬᠡᠨ ᠠᠪᠬᠤ ᠬᠡᠮᠵᠢᠶᠡ ᠶᠢ ᠨᠡᠮᠡᠭᠳᠡᠭᠦᠯᠭ᠊ ᠦᠲ᠋ᠤ ᠰᠢᠷᠠ ᠪᠤᠷᠴᠠᠭ ᠪᠤᠶᠤ ᠪᠤᠷᠴᠠᠭ᠋ ᠤᠨ ᠵᠤᠲᠠᠩ᠊ ᠨᠢ ᠵᠦᠭᠡᠷ | ᠰᠤᠩᠭᠤᠯᠲᠠ ᠪᠤᠯᠬᠤ ᠪᠦᠭᠡᠳ ᠪᠠᠰᠠ ᠪᠤᠷᠴᠠᠭ᠋ ᠤᠨ ᠢᠰᠭᠡᠮᠡᠯ᠂ ᠳ᠋ᠧᠦᠹᠦ ᠶᠢ ᠰᠤᠩᠭᠤᠵᠤ ᠪᠤᠯᠤᠨᠠ᠃ | |