ᠬᠥᠮᠥᠨ ᠤ ᠨᠢᠭᠡ ᠨᠠᠰᠤ ᠭᠡᠭᠴᠢ ᠶᠠᠭᠤᠲᠠᠢ ᠠᠵᠠ ᠲᠠᠢ ᠠᠳᠠᠯ᠎ᠠ ᠠᠯᠵᠢᠶᠠᠯ ᠲᠠᠢ ᠪᠢᠯᠡ᠃ ᠥᠰᠬᠦᠢ᠂ ᠰᠤᠷᠬᠤᠢ᠂ ᠠᠵᠢᠯᠯᠠᠬᠤᠢ᠂ ᠠᠮᠢᠳᠤᠷᠠᠬᠤᠢ᠂ | ᠦᠢᠯᠡᠴᠢᠯᠡᠬᠦᠢ ᠭᠡᠬᠦᠴᠢᠯᠡᠨ ᠰᠢᠳᠤ ᠴᠠᠭᠠᠨ᠂ ᠦᠰᠦ ᠴᠠᠭᠠᠨ᠂ ᠴᠠᠰᠤ ᠴᠠᠭᠠᠨ ᠭᠤᠷᠪᠠᠨ ᠣᠷᠴᠢᠯ ᠢᠶᠠᠷ ᠲᠡᠭᠦᠰᠦᠨ᠎ᠡ᠃ ᠬᠥᠮᠥᠨ ᠭᠡᠭᠴᠢ ᠨᠠᠰᠤᠨ ᠲᠤᠷᠰᠢᠲᠠ ᠦᠨᠡᠨ | ᠴᠠᠭᠠᠨ ᠭᠦᠳᠡᠯᠮᠤᠷᠢ ᠲᠡᠮᠡᠴᠡᠯ ᠢᠶᠠᠷ ᠢᠶᠠᠨ ᠪᠠᠶᠠᠷᠬᠠᠵᠤ ᠬᠥᠮᠥᠨ ᠠᠷᠠᠳ ᠲᠠᠭᠠᠨ ᠥᠭᠭᠢᠶᠡᠮᠦᠷᠴᠢ ᠲᠤᠰᠠᠷᠬᠠᠭ ᠶᠠᠪᠤᠪᠠᠯ ᠬᠠᠰ ᠤᠨ ᠴᠣᠭᠴᠠᠰ ᠨᠢ ᠬᠠᠳᠠᠨ ᠭᠡᠷ ᠲᠡᠭᠡᠨ | ᠣᠷᠣᠭᠰᠠᠨ ᠴᠤ ᠬᠠᠯᠠᠭᠤᠨ ᠰᠡᠳᠬᠢᠯ ᠬᠠᠮᠤᠭ ᠮᠥᠰᠥ ᠨᠢ ᠮᠥᠩᠬᠡᠳᠡ ᠦᠯᠡᠳᠡᠵᠦ᠂ ᠬᠦᠰᠡᠯ ᠮᠥᠷᠥᠭᠡᠳᠦᠯ ᠵᠣᠷᠢᠭ ᠰᠠᠨᠠᠭ᠎ᠠ ᠨᠢ ᠴᠠᠭ ᠦᠶ᠎ᠡ ᠶᠢᠨ ᠢᠮ ᠲᠠᠮᠠᠭ᠎ᠠ | ᠪᠣᠯᠵᠤ ᠥᠨᠢᠳᠡ ᠲᠡᠮᠳᠡᠭᠯᠡᠭᠳᠡᠨ ᠬᠤᠴᠣᠷᠳᠠᠭ ᠤᠴᠢᠷᠲᠠᠢ᠃ | ᠬᠥᠮᠥᠨ ᠭᠦᠳᠡᠯᠮᠤᠷᠢ ᠵᠢᠳᠬᠦᠯ ᠢᠶᠠᠷ ᠢᠶᠠᠨ ᠲᠦᠮᠡᠨ ᠠᠮᠢᠳᠠᠨ ᠠᠴᠠ ᠢᠯᠭᠠᠭᠳᠠᠵᠤ᠂ ᠭᠦᠳᠡᠯᠮᠤᠷᠢᠴᠢ ᠬᠤᠶᠠᠷ ᠭᠠᠷ ᠢᠶᠠᠷ ᠢᠶᠠᠨ ᠲᠡᠦᠬᠡ ᠶᠢ ᠪᠦᠲᠦᠭᠡᠭᠰᠡᠨ ᠶᠤᠮᠰᠠᠨ | ᠃ ᠠᠵᠢᠯᠴᠢ ᠭᠦᠳᠡᠯᠮᠤᠷᠢᠴᠢ ᠪᠣᠯ ᠠᠯᠳᠠ ᠠᠴᠠ ᠦᠨᠡᠲᠡᠢ ᠶᠤᠮ ᠭᠡᠵᠦ ᠡᠷᠳᠡᠮᠲᠡᠨ ᠮᠡᠷᠭᠡᠳ ᠰᠤᠷᠭᠠᠨ ᠨᠣᠮᠯᠠᠭᠰᠠᠨ ᠨᠢ ᠦᠨᠡᠨᠲᠡᠢ᠂ ᠤᠢ ᠤᠬᠠᠭᠠᠨ ᠠᠪᠢᠶᠠᠰ ᠪᠢᠯᠢᠭ | ᠭᠦᠳᠡᠯᠮᠤᠷᠢ ᠠᠴᠠ ᠴᠡᠴᠡᠭᠯᠡᠳᠡᠭ ᠭᠡᠵᠦ ᠶᠡᠬᠡᠰ ᠳᠡᠭᠡᠳᠦᠰ ᠮᠠᠨᠢ ᠰᠡᠴᠡᠯᠡᠭᠰᠡᠨ ᠨᠢ ᠪᠢᠰᠢᠷᠡᠯᠲᠡᠢ᠃ | ᠵᠢᠳᠬᠦᠬᠦ ᠠᠴᠠ ᠪᠦᠳᠦᠨ᠎ᠠ᠂ ᠠᠯᠵᠠᠭᠤᠷᠠᠬᠤ ᠠᠴᠠ ᠠᠷᠢᠯᠤᠨ᠎ᠠ ᠭᠡᠳᠡᠭ ᠪᠢᠰᠢᠦ᠂ ᠠᠷᠢᠭᠤᠨ ᠭᠦᠳᠡᠯᠮᠤᠷᠢ ᠪᠠᠷ ᠢᠶᠠᠨ ᠠᠮᠢᠳᠤᠷᠠᠭᠰᠠᠨ ᠬᠥᠮᠥᠨ ᠦᠢ ᠤᠯᠠᠨ ᠤ | ᠪᠢᠰᠢᠷᠡᠯ ᠬᠦᠨᠳᠦᠳᠬᠡᠯ ᠢ ᠣᠯᠵᠤ᠂ ᠠᠮᠵᠢᠯᠲᠠ ᠢᠯᠠᠯᠲᠠ ᠪᠠᠷ ᠳᠦᠭᠦᠷᠡᠩ ᠶᠠᠪᠤᠳᠠᠭ᠃ ᠠᠯᠵᠠᠭᠤ ᠵᠠᠯᠬᠠᠭᠤ ᠬᠤᠶᠢᠷᠭᠤᠰᠢᠵᠤ ᠠᠯᠪᠠ ᠬᠠᠰᠢᠵᠤ ᠠᠮᠠ ᠪᠦᠭᠯᠡᠭᠰᠡᠳ ︽ | ᠮᠥᠰᠥᠨ ᠳᠡᠭᠡᠷ᠎ᠡ ᠪᠠᠷᠢᠭᠰᠠᠨ ᠭᠡᠷ︾᠂ ︽ᠴᠠᠰᠤᠨ ᠳᠣᠣᠷ᠎ᠠ ᠪᠤᠯᠠᠭᠰᠠᠨ ᠪᠣᠳᠠᠰ︾ ᠯᠤᠭ᠎ᠠ ᠠᠳᠠᠯᠢᠬᠠᠨ ᠬᠡᠢ ᠬᠤᠭᠤᠰᠤᠨ ᠪᠣᠯᠵᠤ᠂ ᠡᠴᠦᠰ ᠲᠡᠭᠡᠨ ᠨᠢᠭᠤᠪᠠᠴᠤ | ᠨᠢᠷᠤᠭᠤ ᠨᠢ ᠢᠯᠡ᠂ ᠳᠠᠯᠳᠠᠯᠠᠪᠠᠴᠤ ᠳᠠᠯᠤ ᠨᠢ ᠢᠯᠡ ᠰᠢᠪᠰᠢᠭᠲᠦ ᠲᠡᠭᠦᠰᠬᠡᠯ ᠢᠶᠠᠷ ᠳᠠᠭᠤᠰᠳᠠᠭ᠃ ᠬᠥᠳᠡᠯᠮᠦᠷᠢᠴᠢᠳ ᠶᠠᠳᠠᠷᠠᠬᠤ ᠰᠠᠶᠢᠬᠠᠨ᠂ ᠬᠥᠯᠥᠰᠦᠨ ᠳᠤᠨᠢ | ᠴᠡᠴᠡᠭ ᠳᠡᠯᠭᠡᠷᠡᠳᠡᠭ ᠶᠤᠮ ᠭᠡᠵᠦ ᠠᠯᠢ ᠨᠢᠭᠡ ᠢᠷᠠᠭᠤ ᠨᠠᠶᠢᠷᠠᠭᠴᠢ ᠰᠢᠯᠦᠭᠯᠡᠭᠰᠡᠨ ᠰᠢᠭ ᠰᠠᠨᠠᠭᠳᠠᠨ᠎ᠠ᠃ ᠠᠵᠢᠯ ᠭᠦᠳᠡᠯᠮᠤᠷᠢ ᠭᠡᠭᠴᠢ ᠳᠡᠷᠡ ᠴᠡᠭ ᠢᠶᠠᠷ ᠢᠶᠠᠨ ᠠᠮᠢ | ᠨᠠᠰᠤᠨ ᠤ ᠦᠨᠦᠷ ᠠᠮᠲᠠ ᠶᠢ ᠨᠡᠮᠡᠭᠳᠡᠭᠦᠯᠬᠦ ᠳᠠᠪᠤᠰᠤ᠂ ᠠᠭᠯᠠᠭ ᠠᠭᠤᠯᠠ ᠶᠢ ᠳᠠᠪᠠᠵᠤ ᠠᠨᠠᠪᠠᠳ ᠳᠠᠯᠠᠢ ᠶᠢ ᠳᠤᠭᠤᠯᠬᠤ ᠱᠠᠲᠤ ᠳᠡᠪᠢᠰᠬᠡᠷ ᠪᠠᠶᠢᠵᠤ ᠳᠠᠭᠠᠷᠠᠨ᠎ᠠ᠃ | ᠬᠠᠨ ᠬᠤᠷᠸ᠎ᠠ ᠶᠢ ᠭᠡᠷᠡᠯᠳᠤᠭᠦᠯᠭᠦ ᠬᠠᠮᠤᠭ ᠤᠨ ᠰᠠᠶᠢᠬᠠᠨ ᠠᠯᠳᠠᠷ ᠪᠣᠯ ᠭᠦᠳᠡᠯᠮᠤᠷᠢ᠂ ᠬᠠᠯᠠ ᠵᠣᠪᠠᠭᠤᠷᠢ ᠶᠢᠨ ᠬᠥᠷᠥᠰᠥ ᠶᠢ ᠥᠩᠭᠡᠵᠢᠭᠦᠯᠬᠦ ᠬᠠᠮᠤᠭ ᠤᠨ ᠭᠤᠶᠣᠬᠠᠨ | ᠴᠡᠴᠡᠭᠡᠰ ᠪᠣᠯ ᠭᠦᠳᠡᠯᠮᠤᠷᠢ ᠠ᠋᠃ | ᠥᠩᠭᠡᠷᠡᠭᠰᠡᠨ ᠤ ᠬᠥᠯᠥᠰᠦ ᠭᠦᠳᠡᠯᠮᠤᠷᠢ ᠥᠨᠥᠳᠥᠷ ᠤᠨ ᠥᠪ ᠬᠥᠷᠥᠩᠭᠡ ᠪᠣᠯᠤᠭᠰᠠᠨ ᠢᠶᠠᠨ ᠥᠮᠴᠢᠷᠬᠡᠵᠦ ᠪᠤᠳᠤᠬᠤ ᠠᠴᠠ ᠥᠭᠡᠷ᠎ᠡ ᠨᠠᠨᠳᠢᠨ ᠶᠠᠭᠤᠮ᠎ᠠ ᠠᠯᠠᠭ᠎ᠠ | ᠃ ᠬᠥᠮᠥᠨ ᠬᠦᠴᠢᠷ ᠵᠤᠪᠠᠯᠠᠩ ᠢ ᠭᠦᠳᠡᠯᠮᠤᠷᠢ ᠪᠠᠷ ᠢᠯᠠᠵᠤ᠂ ᠭᠦᠷ ᠪᠠᠶᠠᠷ ᠵᠣᠯ ᠵᠢᠷᠭᠠᠯ ᠢ ᠭᠦᠳᠡᠯᠮᠤᠷᠢ ᠪᠠᠷ ᠢᠶᠠᠨ ᠴᠣᠭᠴᠠᠯᠠᠳᠠᠭ᠃ ᠬᠥᠳᠡᠯᠮᠦᠷᠢᠯᠡᠵᠦ ᠶᠠᠪᠤᠭᠠᠷᠠᠢ | ᠬᠥᠮᠥᠰ ᠠ᠋᠂ ᠭᠦᠳᠡᠯᠮᠤᠷᠢ ᠶᠢ ᠡᠷᠬᠢᠮᠯᠡᠵᠦ ᠶᠠᠪᠤᠭᠠᠷᠠᠢ᠂ ᠬᠥᠳᠡᠯᠮᠦᠷᠢᠴᠢᠨ ᠲᠦᠮᠡᠨ ᠢᠶᠠᠨ ᠭᠦᠨᠳᠤᠳᠭᠡᠵᠦ ᠶᠠᠪᠤᠭᠠᠷᠠᠢ︕ | |